摘要 |
《ᠯᠢᠭᠳᠡᠨ ᠬᠠᠭᠠᠨ ᠤ ᠬᠦᠰᠢᠶ ᠠ 》ᠪᠤᠯ ᠮᠢᠩ ᠤᠯᠤᠰ ᠤᠨ ᠦᠶ ᠠ ᠳ᠋ᠤ ᠪᠣᠰᠬᠠᠭᠰᠠᠨ ᠮᠣᠩᠭᠤᠯ ᠲᠦᠪᠡᠳ ᠬᠤᠶᠠᠷ ᠵᠦᠢᠯ ᠤᠨ ᠦᠰᠦᠭ ᠬᠠᠪᠰᠤᠷᠭᠠᠨ ᠰᠡᠢᠯᠦᠭᠰᠡᠨ ᠯᠢᠭᠳᠡᠨ ᠬᠠᠭᠠᠨ ᠤ ᠭᠡᠷᠡᠯᠲᠦ ᠬᠦᠰᠢᠶ ᠠ ᠪᠠᠢᠵᠦ᠂ ᠯᠢᠭᠳᠡᠨ ᠬᠠᠭᠠᠨ ᠤ ᠠᠮᠢᠳᠤᠷᠠᠯ ᠦᠢᠯᠡ ᠠᠵᠢᠯᠯᠠᠭ᠎ᠠ ᠵᠢ ᠲᠤᠳᠤᠷᠠᠭᠤᠯᠬᠤ ᠵᠢᠴᠢ ᠮᠣᠩᠭᠤᠯ᠂ ᠲᠦᠪᠡᠳ ᠦᠨᠳᠦᠰᠠᠦᠲᠡᠨ ᠤ ᠬᠠᠷᠢᠴᠠᠭ᠎ᠠ ᠬᠣᠯᠪᠤᠭ᠎ᠠ᠂ ᠮᠢᠩ ᠤᠤᠯᠰ ᠤᠨ ᠦᠶ ᠠ ᠶᠢᠨ ᠲᠦᠪᠡᠳ ᠡᠴᠡ ᠤᠯᠠᠮᠵᠢᠯᠠᠭᠰᠠᠨ ᠪᠣᠷᠬᠠᠨ ᠱᠠᠰᠢᠨ ᠤ ᠲᠡᠦᠬᠡ ᠵᠡᠷᠭᠡ ᠵᠢ ᠰᠣᠳᠤᠯᠬᠤ ᠳ᠋ᠤ ᠤᠷᠤᠯᠠᠭᠤᠯᠵᠤ ᠪᠤᠯᠤᠰᠢ ᠦᠭᠡᠢ ᠮᠠᠲ᠋ᠠᠸᠷᠢᠶᠠᠯ ᠤᠨ ᠦᠨ᠎ᠠ ᠴᠠᠨ᠎ᠠ ᠲᠠᠢ ᠪᠠᠢᠬᠤ ᠪᠡᠶᠡᠲᠦ ᠬᠡᠷᠡᠭᠯᠡᠭᠳᠡᠬᠦᠨ ᠪᠤᠯᠤᠨ᠎ᠠ᠃ ᠭᠡᠪᠡᠴᠦ《 ᠢᠨᠭᠳᠡᠨ ᠬᠠᠭᠠᠨ ᠤ ᠬᠦᠰᠢᠶ ᠠ》 ᠠᠰᠢᠭᠯᠠᠯᠲᠠ ᠳ᠋ᠤ ᠣᠷᠤᠬᠤ ᠪᠠᠢᠲᠤᠭᠠᠢ ᠰᠣᠳᠤᠯᠭᠠᠨ ᠤ ᠡᠷᠬᠢᠯᠲᠡ ᠳ᠋ᠤ ᠣᠦ ᠠᠷᠠᠢ ᠣᠷᠤᠭ᠎ᠠ ᠦᠭᠡᠢ ᠪᠠᠢᠭᠰᠠᠭᠠᠷ ᠪᠢᠯᠡ᠃ ᠡᠭᠦᠨᠴᠢᠯᠡᠨ ᠪᠢᠴᠢᠭᠡᠰᠦ ᠲᠠᠢᠯᠪᠤᠷᠢᠯᠠᠨ ᠣᠩᠰᠢᠵᠤ᠂ ᠦᠨᠳᠦᠰᠦᠯᠡᠯ ᠳ᠋ᠦᠩᠨᠡᠯᠲᠡ ᠭᠠᠷᠭᠠᠬᠤ ᠨᠢ ᠮᠣᠩᠭᠤᠯ ᠲᠡᠦᠬᠡ ᠰᠣᠶᠤᠯ ᠤᠨ ᠰᠣᠳᠤᠯᠤᠯ ᠳ᠋ᠤ ᠣᠨᠴᠠ ᠴᠢᠬᠤᠯᠠ ᠯᠠᠪᠯᠠᠯᠲᠠ ᠶᠢᠨ ᠦᠨ᠎ᠠ ᠴᠠᠨ᠎ᠠ ᠲᠠᠢ᠃ |