摘要 |
ᠲᠤᠤᠯᠢ ᠬᠣᠷᠴᠢᠨ ᠨᠤᠲᠤᠭ ᠲᠤ ᠡᠷᠲᠡ ᠡᠴᠡ ᠠᠪᠤᠭᠠᠳ ᠤᠳᠤ ᠪᠤᠯᠲᠠᠯ ᠠ ᠤᠯᠠᠮᠵᠢᠯᠠᠭᠳᠠᠭᠰᠠᠭᠠᠷ ᠢᠷᠡᠵᠡᠢ᠃ ᠲᠤᠤᠯᠢ ᠪᠡᠯ ᠨᠢᠭᠡ ᠦᠨᠳᠦᠰᠦᠲᠡᠨ᠂ ᠨᠢᠭᠡ ᠣᠷᠤᠨ ᠨᠤᠲᠤᠭ᠂ ᠴᠠᠭᠠᠰᠢᠯᠠᠭᠠᠳ ᠨᠢᠭᠡ ᠤᠯᠤᠰ ᠤᠨ ᠠᠷᠠᠳ ᠲᠦᠮᠡᠨ ᠤ ᠤᠶᠤᠨ ᠰᠠᠨᠠᠭᠠᠨ ᠤ ᠲᠦᠷᠦᠳᠡᠰᠦ ᠮᠦᠨ᠃ ᠤᠢᠷ ᠠ ᠶᠢᠨ ᠠᠷᠪᠠᠨ ᠵᠢᠯ ᠤᠨ ᠬᠤᠭᠤᠴᠠᠭᠠᠨ ᠳ᠋ᠡᠬᠢ ᠬᠣᠷᠢᠨ ᠲᠤᠤᠯᠢ ᠶᠢᠨ ᠡᠮᠬᠢᠳᠭᠡᠯ ᠰᠣᠳᠤᠯᠭᠠᠨᠤ ᠠᠮᠵᠢᠯᠲᠠ ᠪᠦᠲᠦᠭᠡᠯ ᠢ ᠰᠢᠬᠦᠵᠦ ᠦᠭᠦᠯᠡᠬᠦ ᠪᠡᠷ ᠲᠠᠮᠵᠢᠨ᠂ ᠰᠢᠨ᠎ᠠ ᠴᠠᠭ ᠦᠶ ᠡ ᠶᠢᠨ ᠬᠦᠭᠵᠢᠯᠲᠡ ᠶᠢᠨ ᠬᠠᠨᠳᠤᠰᠢ ᠲᠠᠢ ᠤᠶᠠᠯᠳᠤᠭᠤᠯᠵᠤ᠂ ᠬᠤᠷᠴᠢᠨ ᠲᠤᠤᠯᠢ ᠶᠢᠨ ᠡᠮᠬᠢᠳᠭᠡᠯ ᠰᠣᠳᠤᠯᠤᠯ ᠤᠨ ᠠᠵᠢᠯ ᠳ᠋ᠤ ᠣᠷᠤᠰᠢᠵᠤ ᠪᠠᠢᠭ᠎ᠠ ᠠᠰᠠᠭᠤᠳᠠᠯ ᠢ ᠢᠯᠡᠷᠡᠬᠦᠯᠵᠦ᠂ ᠬᠤᠴᠢᠨ ᠲᠤᠤᠯᠢ ᠵᠢ ᠠᠮᠢᠯᠠᠭᠤᠯᠤᠨ ᠰᠡᠷᠭᠦᠭᠡᠵᠦ᠂ ᠬᠠᠮᠠᠭᠠᠯᠠᠨ ᠤᠯᠠᠮᠵᠢᠯᠠᠵᠤ᠂ ᠦᠷᠭᠦᠯᠵᠢᠯᠡᠨ ᠬᠦᠭᠵᠢᠬᠦᠯᠵᠦ ᠬᠤᠷᠴᠢᠨ ᠲᠤᠤᠯᠢ ᠶᠢᠨ ᠠᠷᠰᠠᠳ ᠲᠦᠮᠡᠨ ᠳ᠋ᠤ ᠦᠵᠡᠭᠦᠯᠵᠦ ᠪᠠᠢᠭ᠎ᠠ ᠤᠶᠤᠨ ᠰᠠᠨᠠᠭᠠᠨ ᠤ ᠪᠠ ᠭᠤᠤ ᠠ ᠰᠠᠢᠬᠠᠨ ᠤ ᠰᠤᠷᠭᠠᠨ ᠬᠦᠮᠦᠵᠢᠯ ᠤᠨ ᠦᠢᠯᠡᠳᠦᠯ ᠢ ᠪᠠᠢᠭᠤᠯᠪᠠᠯ ᠵᠤᠬᠢᠨ᠎ᠠ᠃ |