题名 |
ᠯᠦ ᠭᠦᠸᠸ ᠲᠠᠢ ᠴᠠᠩ ᠬᠦᠩᠵᠦ ᠰᠡᠩᠭᠡᠷᠡᠬᠢ ᠳ᠋ᠤ ᠬᠠᠮᠢᠶᠠᠳᠠᠬᠤ ᠬᠦᠰᠢᠶᠡᠨ ᠪᠢᠴᠢᠭ ᠢ ᠲᠦᠷᠦᠯᠵᠢᠬᠦᠯᠦᠨ ᠰᠢᠨᠵᠢᠯᠡᠬᠦ ᠨᠢ |
作者 |
ᠰᠡᠴᠡᠨᠪᠠᠲᠤ |
关键词 |
ᠯᠦ ᠭᠦᠸᠸ ᠲᠠᠢ ᠴᠠᠩ ᠬᠦᠩᠵᠦ︔ ᠰᠡᠩᠭᠡᠷᠡᠬᠢ︔ ᠬᠦᠰᠢᠶᠡᠨ ᠪᠢᠴᠢᠭ |
摘要 |
ᠶᠤᠸᠠᠨ ᠤᠯᠤᠰ ᠤᠨ ᠯᠦ ᠭᠦᠸᠸ ᠲᠠᠢ ᠴᠠᠩ ᠭᠦᠩᠵᠦ ᠰᠡᠩᠭᠡᠷᠡᠬᠢ ᠳ᠋ᠤ ᠬᠠᠢᠮᠶᠠᠳᠠᠬᠤ ᠬᠦᠰᠢᠶ ᠠ ᠨᠡᠢᠲᠡ20 ᠪᠠᠢᠳᠠᠭ᠃ ᠲᠡᠳᠡᠭᠡᠷ ᠬᠦᠰᠢᠶᠡᠨ ᠪᠢᠴᠢᠭ ᠲᠤ ᠲᠤᠬᠠᠢ ᠶᠢᠨ ᠦᠶ ᠡ ᠶᠢᠨ ᠲᠡᠦᠬᠡ ᠰᠣᠶᠤᠯ ᠤᠨ ᠠᠬᠤᠢ ᠪᠠᠢᠳᠠᠯ ᠢ ᠲᠤᠰᠬᠠᠬᠰᠠᠨ ᠪᠦᠭᠡᠳ ᠦᠨᠳᠦᠰᠦᠲᠡᠨ ᠨᠣᠭᠦᠳ ᠤᠨ ᠠᠷᠠᠳ ᠲᠦᠮᠡᠨ ᠤ ᠨᠦᠬᠦᠷᠰᠡᠭ ᠶᠠᠪᠤᠯᠴᠠᠭ᠎ᠠ ᠪᠠ ᠰᠣᠶᠤᠯ ᠤᠨ ᠰᠣᠯᠢᠯᠴᠠᠭᠠᠨ ᠤ ᠨᠢᠭᠲᠠ ᠬᠠᠷᠢᠴᠠᠭ᠎ᠠ ᠵᠢ ᠬᠠᠷᠠᠭᠤᠯᠵᠠᠢ᠃ ᠲᠡᠳᠡᠭᠡᠷ ᠬᠦᠰᠢᠶᠡᠨ ᠪᠢᠴᠢᠭ ᠤᠨ ᠠᠭᠤᠯᠭ᠎ᠠ ᠳ᠋ᠤ ᠨᠢ ᠦᠨᠳᠦᠰᠦᠯᠡᠨ ᠪᠢᠴᠢᠭ ᠤᠨ ᠰᠤᠷᠭᠠᠯ ᠢ ᠬᠦᠨᠳᠦᠳᠦᠭᠡᠨ ᠲᠡᠯᠭᠡᠷᠡᠬᠦᠯᠦᠭᠰᠡᠨ᠂ ᠪᠣᠷᠬᠠᠨ ᠤ ᠱᠠᠰᠢᠨ ᠤ ᠰᠦᠮ ᠠ ᠬᠡᠢᠢᠳ ᠪᠠᠢᠭᠤᠯᠤᠭᠰᠠᠨ᠂ ᠪᠣᠯᠪᠤ ᠶᠢᠨ ᠰᠤᠷᠭᠠᠯᠲᠠᠨ ᠤ ᠣᠡᠳᠤᠨ ᠬᠠᠷᠰᠢ ᠪᠠᠢᠭᠤᠯᠤᠭᠰᠠᠨ᠂ ᠡᠮ ᠡᠮᠡᠨᠡᠯᠭᠡ ᠶᠢᠨ ᠤᠬᠠᠭᠠᠨ ᠢ ᠰᠤᠷᠲᠠᠯᠴᠢᠯᠠᠭᠰᠠᠨ᠂ ᠬᠤᠩᠢᠷᠠᠳ ᠠᠮᠠᠢᠭ ᠤᠨ ᠲᠦᠮᠡᠲᠦ ᠶᠢᠨ ᠨᠤᠶᠠᠳ ᠤᠨ ᠤᠷᠢᠳᠤᠰ ᠤᠨ ᠭᠠᠪᠢᠶ ᠠ ᠵᠢ ᠲᠡᠮᠭᠳᠡᠭᠯᠡᠭᠰᠡᠨ ᠵᠡᠷᠭᠡ ᠲᠠᠪᠤᠨ ᠲᠠᠯ ᠠ ᠪᠡᠷ ᠲᠦᠷᠦᠯᠵᠢᠬᠦᠯᠦᠨ ᠠᠩᠬᠢᠠᠯᠵᠤ ᠪᠤᠯᠤᠨ᠎ᠠ᠃ |
原文 |
没有原文
|
出自 |
中国蒙古学
2023年
第4期
|