论文信息


题名 ᠰᠢᠷᠠᠪ ᠬᠤᠭᠤᠷᠴᠢ ᠶᠢᠨ 《ᠨᠢᠰᠬᠦ ᠪᠠᠷᠰ ᠤᠨ ᠵᠠᠩᠵᠤᠨ ᠮᠠ ᠴᠤᠤ》 ᠳ᠋ᠡᠬᠢ ᠬᠣᠯᠪᠤᠭ᠎ᠠ ᠶᠢᠨ ᠰᠢᠨᠵᠢᠯᠡᠯ
作者 ᠴᠣᠭᠲᠤ
关键词 ᠰᠢᠷᠠᠪ ᠬᠤᠭᠤᠷᠴᠢ︔ 《 ᠭᠤᠷᠪᠠᠨ ᠤᠯᠤᠰ ᠤᠨ ᠦᠯᠢᠭᠡᠷ》︔ 《 ᠨᠢᠰᠬᠦ ᠪᠠᠷᠰ ᠤᠨ ᠵᠠᠩᠵᠦᠨ ᠮᠠ ᠴᠣᠣ》︔ ᠬᠣᠯᠪᠤᠭ᠎ᠠ ᠰᠢᠯᠦᠭ
摘要 ᠰᠢᠷᠡᠪ ᠬᠤᠭᠤᠷᠴᠢ 《 ᠭᠤᠷᠪᠠᠨ ᠤᠯᠤᠰ ᠤᠨ ᠦᠯᠢᠭᠡᠷ》 ᠤᠨ ᠨᠢᠭᠡᠨ ᠬᠡᠰᠡᠭ 《 ᠨᠢᠰᠬᠦ ᠪᠠᠷᠰ ᠤᠨ ᠵᠠᠩᠵᠤᠨ ᠮᠠ ᠴᠣᠣ》 ᠭᠡᠬᠦ ᠬᠤᠭᠤᠷ ᠤᠨ ᠦᠯᠢᠭᠡᠷ ᠢᠢᠡᠨ ᠦᠨᠳᠦᠰᠦᠨ ᠳ᠋ᠤ ᠪᠠᠨ ᠪᠦᠷ ᠬᠣᠯᠪᠤᠭ᠎ᠠ ᠰᠢᠯᠦᠭ ᠤᠨ ᠬᠡᠯᠪᠡᠷᠢ ᠪᠡᠷ ᠬᠣᠯᠪᠤᠨ ᠲᠠᠭᠤᠯᠠᠭᠰᠠᠨ ᠶᠤᠮ᠃ ᠲᠡᠭᠦᠨ ᠳ᠋ᠤ ᠬᠤᠭᠤᠷ ᠤᠨ ᠦᠯᠢᠭᠡᠷ ᠤᠨ ᠴᠢᠮᠡᠭ ᠬᠣᠯᠪᠤᠭ᠎ᠠ ᠪᠤᠶᠤ ᠬᠡᠪᠰᠢᠮᠡᠯ ᠬᠡᠯᠡᠯᠭᠡ᠂ ᠪᠦᠯᠦᠭ ᠤᠨ ᠡᠬᠢᠨ ᠪᠠ ᠲᠤᠮᠳᠠᠬᠢ ᠬᠣᠯᠪᠤᠭ᠎ᠠ ᠰᠢᠯᠦᠭ᠂ ᠴᠢᠯᠦᠭᠡᠲᠦ ᠬᠣᠯᠪᠤᠭ᠎ᠠ ᠰᠢᠯᠦᠭ᠂ ᠤᠤᠯ ᠡᠬᠡ ᠳ᠋ᠡᠬᠢ ᠰᠢᠯᠦᠭ ᠢ ᠦᠭᠡᠷᠡᠴᠢᠯᠡᠨ ᠵᠤᠬᠢᠶᠠᠭᠰᠠᠨ ᠬᠣᠯᠪᠤᠭ᠎ᠠ ᠰᠢᠯᠦᠭ ᠵᠡᠷᠭᠡ ᠪᠠᠭᠲᠠᠭᠳᠠᠵᠤ ᠪᠤᠢ᠃ ᠬᠤᠭᠤᠷᠢ ᠵᠠᠷᠢᠮ ᠳ᠋ᠤ ᠪᠠᠨ ᠤᠤᠯ ᠡᠬᠡ ᠶᠢᠨ ᠮᠣᠩᠭᠤᠯ ᠣᠷᠴᠢᠭᠤᠯᠭ᠎ᠠ ᠶᠢᠨ ᠰᠢᠯᠦᠭ ᠢ ᠯᠠᠪᠯᠠᠯᠲᠠ ᠪᠣᠯᠭᠠᠵᠤ ᠦᠪᠡᠷ ᠤᠨ ᠰᠢᠯᠦᠭ  ᠬᠣᠯᠪᠤᠭ᠎ᠠ ᠳ᠋ᠤ ᠪᠠᠨ ᠠᠭᠤᠰᠬᠠᠨ ᠣᠷᠤᠭᠤᠯᠵᠤ ᠪᠠᠢᠭᠰᠠᠨ ᠪᠣᠯᠪᠠᠴᠤ ᠣᠯᠨᠩᠬᠢ ᠬᠣᠯᠪᠤᠭ᠎ᠠ ᠰᠢᠯᠦᠭ ᠢ ᠪᠦᠷ ᠦᠪᠡᠷᠲᠡᠭᠡᠨ ᠰᠢᠨ᠎ᠠ ᠪᠡᠷ ᠵᠤᠬᠢᠶᠠᠵᠤ ᠬᠡᠯᠡᠭᠰᠡᠨ ᠪᠠᠢᠨ᠎ᠠ᠃ᠰᠢᠷᠠᠪ ᠬᠤᠭᠤᠷᠴᠢ ᠵᠢ ᠦᠷᠭᠡᠨ ᠣᠯᠠᠨ ᠰᠣᠨᠤᠰᠤᠭᠴᠢᠳ《 ᠰᠢᠯᠦᠭ ᠤᠨ ᠲᠠᠯᠠᠢ ᠰᠢᠷᠡᠪ》︔《 ᠰᠠᠬᠢᠭᠤᠯᠰᠤᠨ ᠬᠤᠭᠤᠷᠴᠢ ᠰᠢᠷᠡᠪ》ᠭᠡᠵᠦ ᠨᠡᠷᠡᠯᠡᠨ ᠬᠡᠯᠡᠳᠡᠭ ᠨᠢ ᠪᠤᠷᠤᠭᠤ ᠦᠭᠡᠢ᠃
原文 没有原文
出自 中国蒙古学 2023年 第3期

联系我们


内蒙古大学图书馆
呼和浩特市大学西路235号
中国·内蒙古
P: (0471) 4992561
E: huangfeilong@imu.edu.cn