题名 |
ᠴᠢᠩ ᠤᠯᠤᠰ ᠤᠨ ᠳᠤᠮᠲᠠᠲᠤ ᠰᠡᠭᠦᠯᠴᠢ ᠦᠶ ᠠ ᠶᠢᠨ ᠬᠠᠷᠠᠴᠢᠨ ᠤ ᠲᠠᠪᠤᠨᠠᠩ ᠤᠳ ᠤᠨ ᠦᠷ ᠠ ᠬᠡᠦᠬᠡᠳ ᠦᠮᠴᠢ ᠵᠠᠯᠭᠠᠮᠵᠢᠯᠠᠬᠤ ᠳ᠋ᠤ ᠬᠣᠯᠪᠤᠭᠳᠠᠭᠰᠠᠨ ᠵᠠᠷᠢᠮ ᠠᠰᠠᠭᠤᠳᠠᠯ |
作者 |
ᠲᠠᠪᠬᠤᠷᠪᠠᠶᠠᠷ |
关键词 |
ᠴᠢᠩ ᠤᠯᠤᠰ ᠤᠨ ᠳᠤᠮᠳᠠᠴᠢ ᠰᠡᠭᠦᠯᠴᠢ ᠦᠶ ᠠ︔ ᠬᠠᠷᠠᠴᠢᠨ ᠴ ᠲᠠᠪᠤᠨᠠᠩ︔ ᠦᠮᠴᠢ ᠬᠦᠷᠦᠩᠭᠡ︔ ᠵᠠᠯᠭᠠᠮᠵᠢᠯᠠᠬᠤ |
摘要 |
ᠦᠪᠦᠷ ᠮᠣᠩᠭᠤᠯ ᠤᠨ ᠦᠪᠡᠷᠲᠡᠭᠡᠨ ᠵᠠᠰᠠᠬᠤ ᠸᠷᠤᠨ ᠤ ᠲᠠᠩᠰᠠ ᠡᠪᠬᠡᠮᠡᠯ ᠤᠨ ᠰᠠᠩ ᠳ᠋ᠤ ᠬᠠᠳᠠᠭᠠᠯᠠᠭᠳᠠᠵᠤ ᠪᠠᠢᠭ᠎ᠠ 《 ᠬᠠᠷᠠᠴᠢᠨ ᠲᠤᠮᠳᠠᠳᠤ ᠬᠤᠰᠢᠭᠤᠨ ᠤ ᠲᠠᠩᠰᠠ》 ᠪᠣᠯᠤᠨ《 ᠬᠠᠷᠠᠴᠬᠢᠨ ᠵᠡᠭᠦᠨ ᠬᠤᠰᠢᠭᠤᠨ ᠤ ᠲᠠᠩᠰᠠ》 ᠵᠢ ᠭᠤᠤᠯᠯᠠᠨ ᠠᠰᠢᠭᠯᠠᠵᠤ ᠰᠢᠨᠵᠢᠯᠡᠪᠡᠯ᠂ ᠴᠢᠩ ᠤᠯᠤᠰ ᠤᠨ ᠲᠤᠮᠳᠠᠴᠢ ᠰᠡᠭᠦᠯᠴᠢ ᠦᠶ ᠠ ᠶᠢᠨ ᠬᠠᠷᠠᠴᠢᠨ ᠲᠠᠪᠤᠨᠠᠩ ᠤᠳ ᠤᠨ ᠦᠷ ᠡ ᠬᠡᠦᠭᠡᠳ ᠦᠮᠴᠢ ᠬᠦᠷᠦᠩᠭᠡ ᠬᠤᠪᠢᠶᠠᠨ ᠵᠠᠯᠭᠠᠮᠵᠢᠯᠠᠬᠤ ᠳ᠋ᠤ ᠡᠴᠢᠬᠡ ᠡᠬᠡ ᠶᠢᠨ ᠲᠡᠭᠡᠵᠢ᠂ ᠯᠠᠮᠠ ᠪᠣᠯᠤᠭᠰᠠᠳ ᠪᠠ ᠬᠡᠦᠬᠡᠨ ᠤ ᠦᠮᠴᠢ ᠳ᠋ᠤ ᠴᠦᠬᠡᠨ ᠬᠡᠰᠡᠭ ᠢ ᠣᠯᠭᠤᠵᠤ᠂ ᠶᠡᠬᠡᠩᠬᠢ ᠦᠮᠴᠢ ᠵᠢ ᠪᠣᠰᠤᠳ ᠬᠠᠷ ᠠ ᠬᠦᠪᠡᠭᠦᠳ ᠲᠡᠭᠰᠢ ᠪᠡᠷ ᠬᠤᠪᠢᠶᠠᠨ ᠵᠠᠯᠭᠠᠮᠵᠢᠯᠠᠵᠤ ᠪᠠᠢᠭᠰᠠᠨ ᠵᠢᠤᠢ ᠦᠮᠴᠢ ᠬᠦᠷᠦᠩᠬᠡ ᠶᠢᠨ ᠲᠦᠷᠦᠯ ᠵᠦᠢᠯ ᠳ᠋ᠤ ᠭᠡᠷ ᠬᠦᠷᠦᠩᠭᠡ᠂ ᠭᠠᠵᠠᠷ ᠲᠠᠷᠢᠶ ᠠ᠂ ᠠᠯᠪᠠᠲᠤ ᠠᠷᠠᠳ ᠪᠠᠭᠲᠠᠵᠤ ᠦᠮᠴᠢ ᠬᠤᠪᠢᠶᠠᠬᠤ ᠳ᠋ᠤ ᠵᠠᠪᠠᠯ ᠤᠢᠷ ᠠ ᠲᠦᠷᠦᠯ ᠤᠨ ᠬᠦᠮᠦᠰ ᠣᠷᠤᠯᠴᠠᠳᠠᠭ ᠪᠦᠭᠡᠳ ᠢᠯᠠᠩᠭᠤᠶ ᠠ ᠵᠠᠰᠠᠭ ᠶᠠᠮᠤᠨ ᠳ᠋ᠤ ᠭᠡᠷᠡᠴᠢ ᠲᠡᠮᠳᠡᠭ ᠦᠯᠡᠳᠡᠭᠡᠬᠦ ᠬᠡᠯᠪᠡᠷᠢ ᠪᠡᠷ ᠬᠤᠢᠰᠢᠲᠡ ᠶᠢᠨ ᠵᠠᠷᠭᠤ ᠵᠠᠭᠠᠯᠳᠤᠭᠠᠨ ᠪᠣᠯᠬᠤ ᠡᠴᠡ ᠰᠡᠷᠭᠡᠢᠢᠯᠡᠵᠦ ᠪᠠᠢᠭᠰᠠᠨ ᠭᠡᠳᠡᠸᠭ ᠢ ᠮᠡᠳᠡᠵᠦ ᠪᠣᠯᠤᠨ᠎ᠠ᠃ |
原文 |
没有原文
|
出自 |
中国蒙古学
2023年
第2期
|