摘要 |
ᠠᠷᠵᠠᠢ ᠠᠭᠤᠢ ᠡᠳᠦᠭᠡ ᠲᠠᠬᠢᠨᠲᠡ ᠬᠦᠮᠦᠰ ᠲᠤ ᠲᠠᠨᠢᠭᠳᠠᠨ ᠮᠡᠳᠡᠷᠡᠭᠳᠡᠵᠦ᠂ ᠡᠷᠳᠡᠮ ᠰᠢᠨᠵᠢᠯᠡᠭᠡᠨ ᠤ ᠬᠢᠨᠤ ᠠᠩᠬᠠᠷᠤᠯ ᠢ ᠤᠯᠠᠮ ᠢᠢᠡᠷ ᠲᠠᠲᠠᠬᠤ ᠪᠣᠯᠵᠤ᠂ ᠡᠷᠳᠡᠮ ᠰᠢᠨᠵᠢᠯᠡᠭᠡᠨ ᠤ ᠦᠨ᠎ᠠ ᠴᠡᠨ᠎ᠠ ᠨᠢ ᠤᠷᠢᠳ ᠭᠠᠷᠤᠭ᠎ᠠ ᠦᠭᠡᠢ ᠲᠡᠭᠡᠭᠰᠢᠯᠡᠵᠦ᠂ ᠢᠳᠡᠭ ᠢᠳᠡᠭ ᠢᠢᠡᠷ ᠰᠣᠳᠤᠯᠭᠠᠨ ᠤ ᠣᠯᠠᠨ ᠲᠠᠯ ᠠ ᠵᠢ ᠬᠠᠮᠤᠷᠤᠭᠰᠠᠨ ᠰᠡᠳᠦᠪ ᠪᠣᠯᠵᠤ ᠦᠷᠭᠡᠵᠢᠭᠰᠡᠨ ᠪᠠᠢᠨ᠎ᠠ᠃ ᠠᠷᠵᠠᠢ ᠠᠭᠤᠢ ᠶᠢᠨ ᠰᠣᠶᠤᠯ ᠤᠨ ᠪᠠᠭᠤᠷᠢ ᠨᠢ ᠨᠡᠩ ᠡᠷᠲᠡᠨ ᠳ᠋ᠤ ᠬᠣᠯᠪᠤᠭᠳᠠᠬᠤ ᠲᠡᠳᠦᠢ ᠦᠭᠡᠢ᠂ ᠭᠤᠤᠯᠳᠠᠭᠤ ᠲᠠᠩᠭᠤᠳ᠂ ᠶᠤᠸᠠᠨ ᠤᠯᠤᠰ ᠤᠨ ᠦᠶ ᠠ ᠶᠢᠨ ᠣᠯᠠᠨ ᠦᠨᠳᠦᠰᠦᠲᠡᠨ ᠤ ᠲᠡᠦᠬᠡ᠂ ᠰᠣᠶᠤᠯ᠂ ᠤᠷᠠᠨ ᠵᠢᠷᠤᠭ᠂ ᠪᠠᠷᠢᠯᠭ᠎ᠠ᠂ ᠱᠠᠰᠢᠨ ᠰᠤᠷᠲᠠᠬᠤᠨ᠂ ᠦᠭᠡ ᠬᠡᠯᠡ ᠦᠰᠦᠭ ᠪᠢᠴᠢᠭ ᠵᠡᠷᠭᠡ ᠲᠠᠯ ᠠ ᠵᠢ ᠬᠠᠮᠤᠷᠤᠭᠰᠠᠨ ᠬᠠᠮ ᠳᠣᠳᠤᠯᠤᠯ ᠪᠣᠯᠵᠤ ᠬᠦᠭᠵᠢᠭᠰᠡᠨ ᠪᠠᠢᠨ᠎ᠠ᠃ |