题名 |
ᠬᠤᠶᠠᠷ ᠵᠤᠢ᠌ᠯ ᠤᠨ ᠲᠡᠴᠢᠷ ᠤᠨ ᠤᠷᠭᠤᠮᠠᠯ ᠤᠨ ᠤᠰᠤ ᠪᠠᠨ ᠬᠠᠮᠠᠭᠠᠯᠠᠬᠤ ᠬᠦᠴᠦ ᠶᠢ ᠠᠳᠠᠯᠢᠳᠬᠠᠬᠤ ᠨᠢ |
作者 |
ᠮᠧᠩ ᠭᠧᠨ ᠰᠢᠶᠤᠤ; ᠰᠡᠴᠡᠨᠪᠠᠠᠲᠤᠷ; ᠵᠧᠤ ᠵᠢᠶᠠᠨ ᠬᠤᠸᠠ |
关键词 |
ᠲᠠᠴᠢᠷ ᠤᠨ ᠤᠷᠭᠤᠮᠠᠯ; ᠤᠯᠠᠭᠠᠨ ᠪᠤᠢ᠌ᠯᠠᠰᠤ; ᠤᠰᠤ ᠪᠠᠨ ᠬᠠᠮᠠᠭᠠᠯᠠᠬᠤ |
摘要 |
ᠪᠡᠶ᠎ᠡ ᠡᠴᠡ ᠰᠠᠯᠭᠠᠭᠰᠠᠨ ᠨᠠᠪᠴᠢᠨ ᠢᠯᠳᠡᠰᠦᠨ ᠦ ᠠᠶᠠᠨᠳᠠᠭᠠᠨ ᠤᠰᠤ ᠪᠠᠨ ᠠᠳᠠᠬᠤ ᠠᠷᠭ᠎ᠠ ᠶᠢ ᠬᠡᠷᠡᠭᠯᠡᠨ ᠬᠤᠶᠠᠷ ᠵᠤᠢ᠌ᠯ ᠤᠨ ᠲᠠᠴᠢᠷ ᠤᠨ ᠤᠷᠭᠤᠮᠠᠯ ᠤᠯᠠᠭᠠᠨ ᠪᠤᠢ᠌ᠯᠠᠰᠤ ᠪᠠ ᠬᠤᠢᠨ ᠪᠤᠢ᠌ᠯᠠᠰᠤᠨ ᠤ ᠤᠰᠤ ᠪᠠᠨ ᠬᠠᠮᠠᠭᠠᠯᠠᠬᠤ ᠬᠦᠴᠦ ᠶᠢ ᠰᠤᠳᠤᠯᠪᠠ᠃ ᠲᠤᠷᠰᠢᠯᠲᠠ ᠶᠢᠨ ᠦᠷ᠎ᠡ ᠳ᠋ᠦᠩ ᠬᠠᠷᠠᠭᠤᠯᠤᠭᠰᠠᠨ ᠨᠢ ᠤᠰᠤ ᠪᠠᠨ ᠠᠯᠳᠠᠬᠤ ᠬᠤᠭᠤᠴᠠᠭᠠᠨ ᠤ ᠤᠷᠲᠤᠳᠬᠤ ᠶᠢ ᠳᠠᠭᠠᠯᠳᠤᠨ ᠬᠤᠶᠠᠷ ᠤᠷᠭᠤᠮᠠᠯ ᠤᠨ ᠬᠤᠭᠤᠷᠤᠨᠳᠬᠢ ᠤᠰᠤ ᠪᠠᠨ ᠠᠯᠳᠠᠬᠤ ᠨᠤᠷᠮ᠎ᠠ ᠶᠢᠨ ᠵᠦᠷᠢᠶ᠎ᠡ ᠨᠢ ᠪᠠᠭ᠎ᠠ ᠠᠴᠠ ᠶᠡᠬᠡᠰᠴᠦ᠂ ᠳᠠᠬᠢᠨ ᠪᠠᠭᠠᠰᠬᠤ ᠵᠢᠮ᠎ᠡ ᠬᠠᠤᠯᠢᠲᠤ ᠬᠤᠪᠢᠰᠬᠤ ᠴᠢᠨᠠᠷ ᠢ ᠢᠯᠡᠷᠡᠭᠦᠯᠪᠡ᠃ ᠵᠠᠳᠠᠯᠤᠯᠲᠠ ᠬᠠᠷᠠᠭᠤᠯᠤᠭᠰᠠᠨ ᠨᠢ ᠪᠤᠲᠠᠭᠠᠯᠢ ᠪᠡᠶ᠎ᠡ ᠶᠢᠨ ᠬᠤᠭᠤᠷᠤᠨᠳᠤᠬᠢ ᠤᠰᠤ ᠪᠠᠨ ᠠᠯᠳᠠᠬᠤ ᠨᠤᠷᠮ᠎ᠠ ᠶᠢᠨ ᠵᠦᠷᠢᠶ᠎ᠡ ᠪᠡ ᠠᠳᠠᠯᠢ ᠪᠤᠰᠤ ᠤᠷᠭᠤᠮᠠᠯ ᠤᠨ ᠬᠤᠭᠤᠷᠤᠨᠳᠤᠬᠢ ᠤᠰᠤ ᠪᠠᠨ ᠠᠯᠳᠠᠬᠤ ᠨᠤᠷᠮ᠎ᠠ ᠶᠢᠨ ᠬᠤᠭᠤᠷᠤᠨᠳᠤᠬᠢ ᠵᠦᠷᠢᠶ᠎ᠡ ᠨᠢ ᠠᠳᠠᠯᠢᠪᠲᠤᠷ ᠨᠡᠮᠡᠭᠳᠡᠨ ᠬᠠᠰᠤᠭᠳᠠᠬᠤ ᠬᠠᠨᠳᠤᠰᠢ ᠲᠠᠢ ᠪᠠᠢ᠌ᠵᠤ᠂ ᠬᠤᠶᠠᠭᠤᠯᠠ ᠶᠢᠨ ᠤᠰᠤ ᠪᠠᠨ ᠠᠯᠳᠠᠬᠤ ᠶᠠᠪᠤᠴᠠ ᠶᠢᠨ ᠠᠬᠢᠴᠠ ᠶᠢᠨ ᠵᠢᠷᠤᠮᠠᠭ ᠵᠢᠴᠢ ᠣᠷᠭᠢᠯ ᠤᠨ ᠬᠡᠮᠵᠢᠭᠳᠡᠯ ᠦᠨ ᠡᠭᠦᠰᠬᠦ ᠬᠤᠭᠤᠴᠠᠭ᠎ᠠ ᠨᠢ ᠦᠨᠳᠦᠰᠦᠨ ᠳᠡᠭᠡᠨ ᠠᠳᠠᠯᠢᠪᠲᠤᠷ ᠪᠠᠢ᠌ᠨ᠎ᠠ᠃ ᠤᠰᠤ ᠪᠠᠨ ᠠᠯᠳᠠᠬᠤ ᠨᠤᠷᠮ᠎ᠠ ᠶᠢᠨ ᠵᠢᠷᠤᠮᠠᠭ ᠤᠨ Cubic ᠲᠦᠰᠦᠯᠡᠨ ᠨᠡᠢ᠌ᠯᠡᠭᠦᠯᠬᠦ ᠲᠡᠭᠰᠢᠳᠭᠡᠯ ᠢ ᠣᠯᠵᠤ᠂ ᠲᠤᠰ ᠵᠢᠷᠤᠮᠠᠭ ᠲᠤ ᠨᠡᠯᠢᠶᠡᠳ ᠵᠤᠬᠢᠰᠲᠠᠢ ᠪᠦᠭᠡᠳ ᠠᠢᠰᠭᠯᠠᠯᠲᠤ ᠢᠯᠡᠳᠭᠡᠬᠦ ᠬᠡᠯᠪᠡᠷᠢ ᠣᠯᠭᠤᠭᠰᠠᠨ ᠪᠠᠢ᠌ᠨ᠎ᠠ᠃ Logistic ᠲᠡᠭᠰᠢᠳᠭᠡᠯ ᠦᠨ ᠠᠷᠭ᠎ᠠ ᠪᠠᠷ ᠬᠤᠶᠠᠷ ᠤᠷᠭᠤᠮᠠᠯ ᠤᠨ ᠤᠰᠤ ᠪᠠᠨ ᠠᠯᠳᠠᠬᠤ ᠨᠤᠷᠮ᠎ᠠ ᠶᠢᠨ S ᠵᠢᠷᠤᠮᠠᠭ ᠢ ᠣᠯᠵᠤ᠂ ᠲᠡᠡᠨ ᠦ ᠨᠤᠭᠤᠷᠠᠯᠲᠠ ᠶᠢᠨ ᠴᠭ ᠡᠴᠡ ᠭᠠᠭᠳᠠᠯ ᠢ ᠲᠡᠰᠪᠦᠷᠢᠯᠡᠬᠦ ᠴᠢᠨᠠᠷ ᠢ ᠨᠢ ᠢᠯᠡᠷᠡᠭᠦᠯᠵᠡᠢ᠃ ᠲᠤᠷᠰᠢᠯᠲᠠ ᠶᠢᠨ ᠦᠷ᠎ᠡ ᠳ᠋ᠦᠩ ᠳᠦ ᠤᠯᠠᠭᠠᠨ ᠪᠤᠢ᠌ᠯᠠᠰᠤᠨ ᠤ ᠤᠰᠤ ᠪᠠᠨ ᠬᠠᠮᠠᠭᠠᠯᠠᠬᠤ ᠴᠢᠳᠠᠪᠤᠷᠢ ᠨᠢ ᠢᠯᠡᠳᠲᠡ ᠬᠤᠨᠢᠨ ᠪᠤᠢ᠌ᠯᠠᠰᠤᠨ ᠠᠴᠠ ᠴᠢᠩ᠋ᠭ᠎ᠠ᠂ ᠭᠠᠭᠳᠠᠯ ᠢ ᠲᠡᠰᠪᠦᠷᠢᠯᠡᠬᠦ ᠴᠢᠨᠠᠷ ᠨᠢ ᠬᠤᠨᠢᠨ ᠪᠤᠢ᠌ᠯᠠᠰᠤᠨ ᠠᠴᠠ ᠢᠯᠡᠷᠬᠡᠢ ᠴᠩ᠋ᠭᠠ ᠪᠠᠢ᠌ᠬᠤ ᠶᠢ ᠣᠯᠵᠤ ᠮᠡᠳᠡᠪᠡ᠃ |
原文 |
查看原文
|
出自 |
内蒙古师范大学学报(自然科学蒙古文版)
2005年
第4期
|