摘要 |
《 ᠵᠠᠩᠭᠠᠷ》 ᠬᠢᠭᠡᠳ《 ᠮᠣᠩᠭᠤᠯ ᠤᠨ ᠨᠪᠢᠭᠤᠴᠠ ᠲᠣᠪᠴᠢᠶᠠᠨ》 ᠪᠣᠯ ᠮᠣᠩᠭᠤᠯᠴᠤᠳ ᠤᠪᠨ ᠲᠡᠦᠬᠡᠨ ᠳ᠋ᠡᠬᠢ ᠠᠮᠠᠨ ᠪᠠ ᠪᠢᠴᠢᠭ ᠤᠨ ᠬᠤᠶᠠᠷ ᠲᠤᠮᠤ ᠲᠤᠷᠠᠰᠬᠠᠯ ᠶᠤᠮ᠃ ᠡᠭᠦᠰᠦᠯ ᠬᠦᠭᠵᠢᠯ ᠤᠨ ᠬᠣᠪᠢ ᠳ᠋ᠤ ᠠᠳᠠᠯᠢ ᠪᠣᠰᠤ ᠴᠠᠭ ᠦᠶ ᠠ ᠵᠢ ᠦᠩᠭᠡᠷᠡᠭᠡᠭᠰᠡᠨ ᠪᠣᠯᠪᠠᠴᠤ᠂ ᠵᠤᠬᠢᠶᠠᠨ ᠳ᠋ᠤ ᠲᠦᠷᠰᠦᠯᠡᠭᠳᠡᠵᠦ ᠪᠠᠢᠭ᠎ᠠ ᠲᠦᠷᠢ᠂ ᠲᠠᠢᠴᠢᠳ ᠤᠨ ᠦᠢᠯᠡ ᠬᠡᠷᠡᠭ ᠬᠢᠭᠡᠳ ᠵᠦᠷᠢᠴᠡᠯ ᠮᠦᠷᠬᠦᠯᠳᠦᠭᠡᠨ᠂ᠡᠷᠳᠡᠨ ᠤ ᠮᠣᠩᠭᠤᠯᠴᠤᠳ ᠤᠨ ᠲᠠᠩᠭᠠᠷᠢᠭ ᠨᠦᠬᠦᠷᠯᠡᠯ ᠤᠨ ᠶᠤᠰᠤ᠂ ᠰᠢᠳᠦᠯᠭᠡ᠂ ᠵᠠᠩᠰᠢᠯ ᠤᠨ ᠲᠠᠯ ᠠ ᠪᠡᠷ ᠢᠵᠢᠯ ᠲᠦᠲᠦᠭᠡᠲᠡᠢ ᠵᠦᠢᠯ ᠮᠠᠰᠢ ᠸᠯᠠᠨ ᠪᠠᠢᠬᠤ ᠪᠦᠭᠡᠳ ᠤᠯᠠᠮᠵᠢᠯᠠᠯ ᠰᠢᠨᠡᠴᠢᠯᠡᠯ ᠤᠨ ᠬᠤᠪᠢ ᠳ᠋ᠤ《 ᠵᠠᠩᠭᠠᠷ》ᠬᠢᠭᠡᠳ《 ᠮᠣᠩᠭᠤᠯ ᠤᠨ ᠨᠢᠭᠤᠴᠠ ᠲᠣᠪᠴᠢᠶᠠᠨ》 ᠨᠢ ᠡᠷᠲᠡᠨ ᠤ ᠮᠣᠩᠭᠤᠯ ᠲᠤᠤᠯᠢ ᠶᠢᠨ ᠰᠠᠭᠤᠷᠢ ᠲᠡᠭᠡᠷ ᠠ ᠪᠤᠢ ᠪᠣᠯᠤᠭᠰᠠᠨ ᠪᠦᠭᠡᠳ ᠪᠠᠰᠠ 《 ᠵᠠᠩᠭᠠᠷ》 ᠤᠨ ᠪᠦᠷᠢᠯᠳᠦᠵᠦ ᠬᠡᠪᠰᠢᠯ ᠬᠢᠭᠡᠳ ᠬᠦᠭᠵᠢᠯ ᠳ᠋ᠤ ᠴᠢᠬᠤᠯᠠ ᠨᠦᠯᠦᠭᠡ ᠦᠵᠡᠭᠦᠯᠦᠭᠰᠡᠨ ᠶᠤᠮ᠃ |