摘要 |
ᠲᠡᠮᠳᠡᠭ ᠨᠡᠷ ᠠ ᠨᠢ ᠦᠭᠡᠰ ᠤᠨ ᠬᠣᠯᠪᠤᠭᠠᠨ ᠳ᠋ᠤ ᠵᠢᠩᠬᠢᠨᠢ ᠨᠡᠷ ᠠ᠂ ᠲᠡᠮᠳᠡᠭ ᠨᠡᠷ ᠠ᠂ ᠦᠢᠯᠡ ᠦᠭᠡ᠂ ᠲᠠᠢᠪᠤᠷᠢ ᠦᠭᠡ᠂ ᠰᠤᠯᠠ ᠦᠭᠡ᠂ ᠬᠣᠯᠪᠤᠬᠤ ᠦᠭᠡ᠂ ᠲᠠᠭᠠᠪᠤᠷᠢ ᠦᠭᠡ ᠵᠡᠷᠭᠡ ᠦᠭᠡᠰ ᠤᠨ ᠠᠢᠮᠠᠭ ᠤᠨ ᠦᠭᠡᠰ ᠲᠠᠢ ᠴᠢᠯᠦᠭᠡᠲᠡᠢ ᠤᠶᠠᠯᠳᠤᠪᠵᠤ ᠪᠠᠢᠳᠠᠭ᠃ ᠮᠣᠩᠭᠤᠯ ᠬᠡᠯᠡᠨ ᠤ ᠲᠡᠮᠳᠡᠭ ᠨᠡᠷ ᠠ ᠶᠢᠨ ᠤᠳᠬ ᠠ ᠶᠢᠨ ᠠᠩᠬᠢᠯᠠᠯ ᠤᠨ ᠲᠤᠭᠲᠠᠯᠴᠠᠭ᠎ᠠ ᠳ᠋ᠤ ᠰᠠᠭᠤᠷᠢᠯᠠᠨ᠂ ᠪᠣᠳᠠᠳᠠᠢ ᠬᠡᠯᠡᠨ ᠤ ᠬᠦᠮᠦᠷᠭᠡ ᠶᠢᠨ ᠵᠢᠱᠢᠶᠡᠨ ᠲᠡᠭᠡᠷ ᠠ᠂ ᠲᠡᠮᠳᠡᠭ ᠨᠡᠷ ᠠ ᠶᠢᠨ ᠤᠳᠬ ᠠ ᠶᠢᠨ ᠲᠦᠷᠦᠯ ᠤᠨ ᠬᠤᠭᠤᠷᠤᠨᠳᠤᠬᠢ ᠤᠶᠠᠯᠳᠤᠭ᠎ᠠ ᠶᠢᠨ ᠲᠦᠷᠢᠮ ᠢ ᠬᠡᠯᠪᠠᠷᠴᠢᠯᠠᠨ ᠢᠯᠡᠳᠭᠡᠬᠦ ᠨᠢ ᠮᠣᠩᠭᠤᠯ ᠬᠡᠯᠡ ᠪᠢᠴᠢᠭ ᠤᠨ ᠰᠤᠷᠠᠭ ᠵᠠᠩᠬᠢ ᠰᠰᠢᠳᠪᠦᠷᠢᠯᠡᠯᠲᠡ ᠳ᠋ᠡᠬᠢ ᠮᠠᠰᠢᠨ ᠣᠷᠴᠢᠭᠤᠯᠭ᠎ᠠ᠂ ᠮᠠᠲ᠋ᠸᠷᠢᠶᠠᠯ ᠤᠨ ᠬᠦᠮᠦᠷᠭᠡ ᠶᠢᠨ ᠬᠦᠨ ᠡᠳ᠋ᠰᠢᠯᠡᠬᠦᠯᠦᠯᠲᠡ᠂ ᠠᠦ᠋ᠲ᠋ᠤ᠋ ᠬᠠᠷᠭᠤᠭᠤᠯᠤᠯᠲᠠ᠂ ᠠᠴᠠ ᠤᠳᠬ ᠠ ᠵᠢ ᠠᠷᠢᠯᠭᠠᠬᠤ ᠵᠡᠷᠭᠡ ᠠᠵᠢᠯ ᠳ᠋ᠤ ᠢᠳᠡᠭᠡᠮᠵᠢᠲᠡᠢ ᠲᠤᠭ᠎ᠠ ᠪᠠᠷᠢᠮᠲᠠ ᠵᠢ ᠬᠠᠩᠭᠠᠬᠤ ᠪᠣᠯᠤᠨ᠎ᠠ᠃ |