题名 |
ᠬᠠᠯᠢᠮᠠᠭ ᠤᠨ ᠵᠠᠩᠭᠠᠷᠴᠢ ᠤᠷᠭᠠᠨ ᠨᠢᠺᠦᠯᠠᠢ ᠶᠢᠨ ᠬᠠᠢᠯᠠᠭᠰᠠᠨ 《 ᠵᠠᠩᠭᠠᠷ》 ᠤᠨ ᠲᠤᠬᠠᠢ ᠰᠢᠨᠵᠢᠯᠡᠯ |
作者 |
ᠮᠠ ᠰᠢᠶᠤᠤ ᠯᠢᠶᠠᠩ |
关键词 |
《 ᠵᠠᠩᠭᠠᠷ》︔ᠵᠠᠩᠭᠠᠷᠴᠢ︔ ᠬᠠᠯᠢᠠᠮᠭ ᠤᠨ ᠲᠦᠪᠡᠳ︔ ᠤᠷᠭᠠᠨ ᠨᠢᠺᠦᠯᠠᠢ |
摘要 |
ᠵᠤᠬᠢᠶᠠᠭᠴᠢ ᠶᠢᠨ ᠭᠡᠭᠡᠷ ᠠ ᠶᠢᠨ ᠰᠢᠨᠵᠢᠯᠡᠭᠡᠨ ᠢᠢᠡᠷ ᠴᠤᠭᠯᠠᠭᠤᠯᠤᠭᠰᠠᠨ ᠮᠠᠲ᠋ᠸᠷᠢᠶᠠᠯ ᠳ᠋ᠤ ᠰᠠᠭᠤᠷᠢᠯᠠᠵᠤ ᠦᠵᠡᠪᠡᠯ᠂ ᠬᠠᠯᠢᠮᠠᠭ ᠤᠨ ᠲᠦᠷᠪᠡᠳ ᠶᠠᠰᠤᠲᠠᠨ ᠤ ᠵᠠᠩᠭᠠᠷᠴᠢ ᠤᠷᠭᠠᠨ ᠨᠢᠺᠦᠯᠠᠢ ᠶᠢᠨ ᠬᠠᠢᠯᠠᠭᠰᠠᠨ《 ᠵᠠᠩᠭᠠᠷ》 ᠤᠨ ᠨᠦᠬᠡᠴᠡ ᠭᠡᠪᠡᠯ ᠲᠠᠪᠬᠤᠴᠠᠬᠤ ᠦᠭᠡᠢ ᠲᠤᠭ᠎ᠠ ᠪᠡᠷ ᠨᠡᠢᠲᠡ ᠭᠤᠷᠪᠠᠨ ᠪᠦᠯᠦᠭ ᠪᠤᠢ᠃ ᠴᠠᠭᠠᠰᠢᠲᠠ ᠢᠵᠢᠯ ᠶᠠᠰᠤᠲᠠᠨ ᠪᠣᠯᠬᠤ ᠡᠬᠡᠯᠡᠢ ᠶᠢᠨ ᠣᠪᠤᠯᠠᠢ ᠶᠢᠨ 《 ᠵᠠᠩᠭᠠᠷ》 ᠯᠤᠭ᠎ᠠ ᠬᠠᠷᠢᠴᠠᠭᠤᠯᠤᠨ ᠰᠢᠨᠵᠢᠯᠡᠬᠦ ᠳ᠋ᠤ᠂ ᠵᠠᠩᠭᠠᠷᠴᠢ ᠤᠷᠭᠠᠨ ᠨᠢᠺᠦᠯᠠᠢ ᠨᠢ ᠵᠠᠷᠢᠮ ᠡᠷᠳᠡᠮᠲᠡᠨ ᠤ ᠶᠠᠷᠢᠭᠰᠠᠨ ᠰᠢᠭ ᠭᠠᠭᠴᠠ ᠪᠤᠶᠤ ᠬᠤᠶᠠᠷ ᠪᠦᠯᠦᠭ ᠬᠠᠢᠯᠠᠳᠠᠭ ᠪᠣᠰᠤ᠂ ᠬᠠᠲᠢᠨ《ᠮᠠᠩᠨᠠᠢ ᠬᠠᠭᠠᠨ ᠤ ᠲᠠᠢ ᠪᠠᠢᠷᠢ ᠪᠠᠷᠢᠯᠳᠤᠭᠰᠠᠨ ᠪᠦᠯᠦᠭ》᠂《 ᠠᠷᠰᠠᠯᠠᠩ ᠤᠨ ᠠᠷᠠᠭ ᠤᠯᠠᠭᠠᠨ᠂ ᠠᠯᠢᠶ ᠠ ᠮᠣᠩᠭᠤᠯᠠᠢ ᠬᠤᠶᠠᠷ ᠪᠠᠢᠷᠢ ᠪᠠᠷᠢᠯᠳᠤᠭᠰᠠᠨ ᠪᠦᠯᠦᠭ》᠂《 ᠲᠤᠭᠰᠢᠨ ᠬᠠᠷ ᠡ ᠰᠠᠨᠠᠯ ᠤᠨ ᠪᠦᠯᠦᠭ》 ᠭᠡᠬᠦ ᠭᠤᠷᠪᠠᠨ ᠪᠦᠯᠦᠭ ᠢ ᠪᠠᠲᠤᠲᠠᠢ ᠬᠠᠢᠯᠠᠵᠤ ᠦᠯᠡᠳᠡᠭᠡᠭᠰᠡᠨ ᠪᠠᠢᠨ᠎ᠠ᠃ ᠭᠡᠪᠡᠴᠦ ᠲᠡᠭᠦᠨ ᠤ ᠬᠠᠢᠯᠠᠭᠰᠠᠨ 《 ᠠᠷᠰᠯᠠᠩ ᠤᠨ ᠠᠷᠠᠭ ᠤᠯᠭᠠᠨ᠂ ᠠᠯᠢᠶ ᠠ ᠮᠣᠩᠭᠤᠬᠠᠢ ᠬᠤᠶᠠᠷ ᠪᠠᠢᠯᠳᠤᠭᠰᠠᠨ ᠪᠦᠯᠦᠭ》 ᠪᠣᠯᠤᠨ《 ᠳᠤᠭᠰᠢᠨ ᠬᠠᠷ ᠠ ᠰᠠᠨᠠᠯ ᠤᠨ ᠪᠦᠯᠦᠭ》 ᠢ ᠡᠬᠡᠯᠢ ᠶᠢᠨ ᠣᠪᠤᠯᠠᠢ ᠶᠢᠨ ᠬᠠᠢᠯᠠᠭᠰᠠᠨ ᠬᠠᠷᠠᠭᠠᠯᠵᠠᠬᠤ ᠪᠦᠯᠦᠭ ᠲᠠᠢ ᠬᠠᠷᠢᠴᠠᠭᠤᠯᠵᠤ ᠦᠵᠡᠬᠦ ᠳ᠋ᠤ ᠨᠡᠯᠢᠶᠡᠳ ᠤᠯᠠᠨ ᠦᠭᠦᠯᠡᠮᠵᠢ ᠵᠢ ᠭᠡᠭᠡᠭᠳᠡᠭᠦᠯᠦᠨ ᠬᠠᠢᠯᠠᠭᠰᠠᠨ ᠪᠠᠢᠨ᠎ᠠ᠃ |
原文 |
没有原文
|
出自 |
中国蒙古学
2022年
第5期
|