摘要 |
ᠲᠡᠯᠬᠡᠢ ᠲᠡᠭᠡᠷ ᠠ ᠬᠦᠮᠦᠨ ᠲᠦᠷᠦᠯᠬᠢᠲᠡᠨ ᠤᠷᠤᠰᠢᠨ ᠰᠠᠭᠤᠵᠤ ᠠᠮᠢᠳᠤᠷᠠᠯ ᠦᠢᠯᠡᠳᠪᠦᠷᠢᠯᠡᠯ ᠤᠨ ᠬᠡᠷᠡᠭᠴᠡᠭᠡ ᠡᠴᠡ ᠪᠠᠨ ᠪᠣᠯᠵᠤ᠂ ᠪᠠᠢᠭᠠᠯᠢ ᠶᠢᠨ ᠪᠦᠲᠦᠴᠡ ᠪᠣᠯᠬᠤ ᠠᠭᠤᠯᠠ ᠨᠢᠷᠤᠭᠤ᠂ ᠭᠸᠸᠯ ᠮᠦᠷᠡᠨ᠂ ᠨᠠᠭᠤᠷ ᠲᠠᠩᠬᠢᠰ᠂ ᠡᠯᠡᠰᠦ ᠮᠠᠩᠬ ᠠ᠂ ᠪᠦᠷᠢᠲᠦ ᠲᠠᠯ ᠠ ᠶᠢᠨ ᠪᠣᠳᠠᠳᠤ ᠪᠠᠢᠳᠠᠯ ᠢᠢᠡᠷ ᠪᠤᠶᠤ ᠦᠩᠭᠡ ᠦᠵᠡᠭᠳᠡᠯ ᠢᠢᠡᠷ ᠨᠢ ᠦᠪᠡᠷ ᠤᠨ ᠲᠦᠷᠦᠭᠰᠡᠨ ᠨᠤᠲᠤᠭ ᠤᠨ ᠢᠢᠡᠨ ᠵᠢᠵᠢᠭ ᠲᠣᠪᠤ᠂ ᠦᠴᠦᠬᠡᠨ ᠴᠣᠩᠬᠢᠶᠠᠯ᠂ ᠰᠢᠪᠠᠷ ᠱᠠᠯᠪᠠ ᠳ᠋ᠤ ᠬᠦᠷᠲᠡᠯ ᠠ ᠨᠡᠷ ᠠ ᠦᠭᠴᠦ᠂ ᠲᠡᠦᠬᠡ ᠱᠠᠰᠲᠢᠷ ᠲᠤ ᠲᠤᠷᠠᠰᠬᠠᠳᠠᠭ ᠠᠵᠢ᠃ ᠢᠯᠠᠩᠭᠤᠶ ᠠ ᠦᠨᠳᠦᠰᠦᠲᠡᠨ ᠨᠣᠭᠦᠳ ᠬᠠᠷᠢᠯᠴᠠᠨ ᠶᠠᠪᠤᠯᠴᠠᠵᠤ ᠠᠷᠠᠯᠵᠢᠶ ᠠ ᠮᠠᠢᠮᠠᠢ ᠬᠢᠬᠦ ᠳ᠋ᠡᠭᠡᠨ ᠨᠢᠭᠡᠭᠡᠨ ᠭᠠᠵᠠᠷ ᠲᠤ ᠦᠪᠡᠷ ᠦᠪᠡᠷ ᠤᠨ ᠦᠨᠳᠦᠰᠦᠲᠡᠨ ᠤ ᠪᠠᠨ ᠲᠠᠭᠤᠳᠠᠯᠭ᠎ᠠ ᠪᠡᠷ ᠠᠳᠠᠯᠢ ᠪᠣᠰᠤ ᠨᠡᠷ ᠠ ᠦᠭᠳᠡᠭ ᠪᠤᠳᠠᠳᠠᠢ ᠵᠢᠱᠢᠶ ᠠ ᠠᠯᠢ ᠤᠯᠠᠨ ᠪᠠᠢᠨ᠎ᠠ᠃ |