摘要 |
ᠲᠠᠭᠤᠷ ᠬᠡᠯᠡᠨ ᠳ᠋ᠤ ᠦᠭᠦᠯᠡᠪᠦᠷᠢ ᠶᠢᠨ ᠭᠡᠰᠢᠬᠦᠨ ᠤ ᠲᠠᠷᠠᠭ᠎ᠠ ᠬᠡᠷᠡᠭᠯᠡᠬᠦ ᠪᠡᠶ ᠡ ᠶᠢᠨ ᠬᠤᠪᠢᠷᠠᠯ ᠤᠨ ᠲᠠᠭᠠᠪᠤᠷᠢ ᠪᠤᠢ᠃ ᠦᠭᠦᠯᠡᠪᠦᠷᠢ ᠨᠢ ᠭᠤᠷᠪᠠᠨ ᠪᠡᠶ ᠠ ᠳ᠋ᠤ ᠬᠣᠯᠪᠤᠭᠳᠠᠬᠤ ᠯᠡ ᠶᠣᠮ ᠪᠣᠯ᠂ ᠦᠭᠦᠯᠡᠪᠦᠷᠢ ᠳ᠋ᠤ ᠵᠠᠪᠠᠯ ᠪᠡᠶ ᠠ ᠶᠢᠨ ᠬᠣᠪᠢᠷᠠᠯ ᠤᠨ ᠲᠠᠭᠠᠪᠤᠷᠢ ᠵᠢ ᠬᠡᠷᠡᠭᠯᠡᠭᠰᠡᠨ ᠪᠠᠢᠪᠠᠢ᠂ ᠦᠭᠦᠯᠡᠭᠳᠡᠬᠦᠨ ᠪᠠᠢᠬᠤ ᠦᠭᠡᠢ ᠪᠣᠯᠪᠠᠴᠤ ᠤᠳᠬ ᠠᠪᠣᠷᠤᠭᠤᠳᠠᠬᠤ ᠦᠭᠡᠢ᠃ ᠦᠭᠦᠯᠡᠬᠦᠨ ᠳ᠋ᠤ ᠪᠡᠶ ᠠ ᠶᠢᠨ ᠬᠤᠪᠢᠷᠠᠯ ᠤᠨ ᠲᠠᠭᠠᠪᠤᠷᠢ ᠵᠢ ᠬᠡᠷᠡᠭᠯᠡᠭᠰᠡᠨ ᠦᠭᠡᠢ ᠪᠣᠯ᠂ ᠦᠭᠦᠯᠡᠭᠳᠡᠬᠦᠨ ᠨᠢ ᠪᠠᠢᠭᠰᠠᠨ ᠣᠦ ᠦᠭᠡ ᠪᠢᠳᠠᠭᠤ ᠰᠣᠨᠤᠰᠤᠯᠲᠠ ᠮᠠᠭᠤᠲᠠᠢ ᠪᠦᠭᠡᠳ ᠲᠠᠭᠠᠷ ᠬᠡᠯᠡᠨ ᠤ ᠵᠦᠢ ᠵᠣᠷᠰᠢᠯ ᠳ᠋ᠤ ᠨᠡᠢᠴᠡᠬᠦ ᠦᠭᠡᠢ ᠶᠣᠮ᠃ ᠦᠭᠦᠯᠡᠬᠦᠨ ᠤ ᠪᠡᠶ ᠡ ᠶᠢᠨ ᠬᠤᠪᠢᠷᠠᠯ ᠤᠨ ᠲᠠᠭᠠᠪᠤᠷᠢ ᠵᠢ ᠲᠡᠯᠭᠡᠷᠡᠩᠬᠦᠢ ᠬᠡᠷᠡᠭᠯᠡᠬᠦ ᠨᠢ ᠲᠠᠭᠤᠷ ᠬᠡᠯᠡᠨ ᠤ ᠨᠢᠭᠡ ᠦᠪᠡᠷᠮᠢᠴᠡ ᠵᠦᠢᠯ ᠪᠣᠯᠬᠤ ᠶᠣᠮ᠃ |