摘要 |
ᠪᠠᠭᠠᠲᠤᠷᠯᠢᠭ ᠬᠠᠢᠯᠪᠤᠷᠢ 《 ᠵᠠᠩᠭᠠᠷ》 ᠢ ᠬᠢᠨᠵᠢᠭᠡᠢ ᠰᠣᠳᠤᠯᠤᠭᠰᠠᠨ ᠡᠷᠲᠡᠮᠲᠡᠨ ᠰᠣᠳᠤᠯᠤᠭᠴᠢᠳ ᠡᠴᠡ ᠲᠡᠭᠦᠨ ᠤ ᠭᠤᠤᠯ ᠰᠠᠨᠠᠭ᠎ᠠ ᠵᠢ ᠳ᠋ᠦᠩᠨᠡᠵᠦ ᠬᠡᠯᠡᠬᠦ ᠳ᠋ᠡᠭᠡᠨ᠄ ᠠᠷᠰᠯᠠᠨ ᠪᠠᠭᠠᠲᠤᠷ ᠤᠨ ᠬᠢᠴᠢᠷᠠᠭ ᠬᠠᠮᠤᠭ ᠤᠳ ᠪᠤᠭᠲᠠ ᠵᠠᠩᠭᠠᠷ ᠤᠨ ᠲᠤᠭ ᠤᠨ ᠲᠤᠤᠷ ᠠ ᠬᠤᠷᠠᠨ ᠴᠤᠭᠯᠠᠷᠠᠵᠤ᠂ ᠠᠷᠤ ᠪᠣᠮᠪᠠ ᠶᠢᠨ ᠣᠷᠤᠨ-ᠠᠯᠲᠠᠢ ᠰᠠᠢᠬᠠᠨ ᠨᠤᠲᠤᠭ ᠤᠨ ᠢᠢᠡᠨ ᠡᠷᠬᠢ ᠴᠢᠯᠦᠭᠡ᠂ ᠲᠤᠰᠠᠭᠠᠷ ᠲᠤᠭᠲᠠᠨᠢᠯ ᠤᠨ ᠲᠦᠯᠦᠭᠡ ᠠᠶᠠᠭ᠎ᠠ ᠴᠢᠰᠤ᠂ ᠠᠳᠬᠤᠬᠤ ᠶᠠᠰᠤᠨ ᠪᠠᠨ ᠬᠠᠢᠷᠠᠯᠠᠯ ᠦᠭᠡᠢ ᠲᠡᠮᠡᠴᠡᠵᠦ ᠪᠠᠢᠭ᠎ᠠ ᠪᠠᠭᠠᠲᠤᠷᠯᠢᠭ ᠦᠢᠯᠡ ᠶᠠᠪᠤᠳᠠᠯ ᠢ ᠮᠠᠭᠲᠠᠨ ᠲᠠᠭᠤᠯᠠᠬᠤ ᠪᠡᠷ ᠲᠠᠮᠵᠢᠭᠤᠯᠤᠨ᠂ ᠤᠯᠤᠰ ᠲᠦᠮᠡᠨ ᠢᠢᠡᠨ ᠪᠦᠯᠬᠦᠮᠳᠡᠨ ᠨᠢᠭᠡᠳᠦᠭᠦᠯᠵᠦ᠂ ᠡᠬᠡ ᠤᠷᠤᠨ ᠢᠢᠡᠨ ᠬᠠᠮᠠᠭᠠᠯᠠᠬᠤ ᠲᠡᠮᠡᠴᠡᠯ ᠳ᠋ᠤ ᠤᠷᠢᠶᠠᠯᠠᠨ ᠲᠠᠭᠤᠳᠠᠭᠰᠠᠨ ᠳ᠋ᠤ ᠣᠷᠤᠰᠢᠨ᠎ᠠ ᠭᠡᠵᠦ ᠦᠨᠳᠦᠰᠦᠨ ᠳ᠋ᠡᠭᠡᠨ ᠨᠢᠭᠡᠳᠦᠯᠲᠡᠢ ᠰᠠᠨᠠᠯ ᠢ ᠲᠡᠪᠰᠢᠬᠦᠯᠵᠦ ᠪᠤᠢ᠃ |