题名 |
ᠮᠣᠩᠭᠤᠯ ᠲᠦᠷᠦᠯ ᠬᠡᠯᠡᠨ ᠳᠡᠬᠢ ᠦᠭᠡ ᠶᠢᠨ ᠡᠬᠢᠨ ᠦ ᠱᠦᠷᠭᠦᠬᠦ ᠭᠡᠢᠢᠭᠦᠯᠦᠭᠴᠢ ᠶᠢᠨ ᠲᠤᠬᠠᠢ |
作者 |
ᠳᠤᠷᠠᠨ |
关键词 |
ᠮᠣᠩᠭᠤᠯ ᠲᠦᠷᠦᠯ ᠬᠡᠯᠡ; ᠱᠦᠷᠭᠦᠬᠦ ᠭᠡᠢᠭᠦᠯᠦᠭᠴᠢ; ᠭᠡᠭᠡᠭᠳᠡᠭᠰᠡᠨ ᠰᠢᠯᠲᠠᠭᠠᠨ |
摘要 |
ᠣᠷᠴᠢᠨ ᠦᠶ᠎ᠡ ᠶᠢᠨ ᠮᠣᠩᠭᠤᠯ ᠬᠡᠯᠡᠨ ᠦ ᠡᠭᠡᠰᠢᠭ ᠢᠶᠡᠷ ᠡᠬᠢᠯᠡᠵᠦ ᠪᠠᠢᠭ᠎ᠠ ᠦᠭᠡᠰ ᠦᠨ ᠨᠡᠯᠢᠶᠡᠳ ᠨᠢ ᠬᠢᠲᠠᠳ᠂ ᠠᠷᠠᠪ᠂ ᠫᠧᠷᠰ᠂ ᠳᠦᠷᠪᠡᠯᠵᠢᠨ ᠦᠰᠦᠭ ᠢᠶᠡᠷ ᠲᠡᠮᠳᠡᠭᠯᠡᠭᠳᠡᠭᠰᠡᠨ ᠳᠤᠮᠳᠠᠳᠤ ᠡᠷᠲᠡᠨ ᠦ ᠮᠣᠩᠭᠤᠯ ᠬᠡᠯᠡᠨ ᠦ ᠳᠤᠷᠠᠰᠬᠠᠯᠲᠤ ᠪᠢᠴᠢᠭ ᠦᠳ ᠲᠦ ᠱᠦᠷᠭᠦᠬᠦ h ᠋ ᠢᠶᠡᠷ ᠡᠬᠢᠯᠡᠭᠰᠡᠨ ᠪᠠᠢᠭ᠎ᠠ ᠶᠤᠮ᠃ ᠮᠦᠨ ᠴᠦ ᠮᠣᠩᠭᠤᠯ ᠬᠡᠯᠡᠨ ᠦ ᠬᠦᠭᠵᠢᠯ ᠦᠨ ᠬᠠᠷᠢᠴᠠᠩᠭᠤᠢ ᠡᠷᠲᠡᠨ ᠦ ᠰᠢᠨᠵᠢ ᠶᠢ ᠳᠤᠰᠬᠠᠭᠰᠠᠨ ᠳ᠋ᠦᠩᠰᠢᠶᠠᠩ᠂ ᠪᠤᠤ ᠠᠨ᠂ ᠰᠢᠷ᠎ᠠ ᠶᠤᠭᠤᠷ᠂ ᠮᠤᠩᠭᠤᠷ᠂ ᠳᠠᠭᠤᠷ ᠵᠡᠷᠭᠡ ᠬᠡᠯᠡ ᠨᠦᠬᠦᠳ ᠲᠦ ᠣᠳᠣ ᠪᠤᠯᠲᠠᠯ᠎ᠠ ᠱᠦᠷᠭᠦᠬᠦ h᠋ ᠤᠨ ᠤᠯᠠ ᠮᠦᠷ ᠬᠠᠷᠠᠭᠳᠠᠵᠤ ᠪᠤᠢ᠃ ᠭᠡᠪᠡᠴᠦ ᠬᠡᠯᠡᠨ ᠦ ᠬᠦᠭᠵᠢᠯ ᠢ ᠳᠠᠭᠠᠯᠳᠤᠨ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ h ᠨᠢ 18 ᠳᠤᠭᠠᠷ ᠵᠠᠭᠤᠨ ᠪᠤᠯᠬᠤ ᠳᠤ ᠮᠣᠩᠭᠤᠯ ᠬᠡᠯᠡᠨ ᠦ ᠲᠡᠦᠬᠡᠨ ᠲᠠᠪᠴᠠᠩ ᠠᠴᠠ ᠨᠢᠭᠡᠨᠲᠡ ᠣᠷᠤ ᠮᠦᠷ ᠦᠭᠡᠢ ᠠᠷᠢᠯᠤᠭᠰᠠᠨ ᠪᠠᠢᠨ᠎ᠠ᠃ ᠲᠤᠰ ᠦᠭᠦᠯᠡᠯ ᠳᠦ᠂ ᠮᠣᠩᠭᠤᠯ ᠲᠦᠷᠦᠯ ᠬᠡᠯᠡᠨ ᠳᠡᠬᠢ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ ᠶᠢᠨ ᠪᠠᠢᠳᠠᠯ ᠢ ᠨᠠᠷᠢᠨ ᠲᠤᠳᠤᠷᠬᠠᠢᠯᠠᠬᠤ ᠶᠢᠨ ᠳᠠᠭᠠᠤ ᠦᠭᠡ ᠶᠢᠨ ᠡᠬᠢᠨ ᠦ ᠱᠦᠷᠭᠦᠬᠦ ᠭᠡᠢᠭᠦᠯᠦᠭᠴᠢ ᠶᠢᠨ ᠭᠡᠭᠡᠭᠳᠡᠭᠰᠡᠨ ᠰᠢᠯᠲᠠᠭᠠᠨ ᠢ ᠦᠭᠡ ᠶᠢᠨ ᠳᠤᠮᠳᠠᠬᠢ ᠱᠦᠷᠭᠦᠬᠦ ᠭᠡᠢᠭᠦᠯᠦᠭᠴᠢ (ᠤᠷᠲᠤᠳᠬᠠᠯ ᠪᠦᠲᠦᠴᠡ vcv ᠋ ᠶᠢᠨ ᠳᠤᠮᠳᠠᠬᠢ ᠭᠡᠢᠭᠦᠯᠦᠭᠴᠢ) ᠶᠢᠨ ᠭᠡᠭᠡᠭᠳᠡᠭᠰᠡᠨ ᠲᠡᠢ ᠰᠢᠭᠤᠳ ᠬᠤᠯᠪᠤᠭ᠎ᠠ ᠲᠠᠢ ᠭᠡᠰᠡᠨ ᠦᠵᠡᠯᠲᠡ ᠪᠡᠨ ᠳᠤᠷᠠᠳᠴᠠᠢ᠃ |
原文 |
查看原文
|
出自 |
中国蒙古学
2015年
第3期
|