摘要 |
ᠲᠤᠰ ᠦᠭᠦᠯᠡᠯ ᠨᠡᠢᠲᠡ ᠭᠤᠷᠪᠠᠨ ᠬᠡᠰᠡᠸᠭ ᠢᠢᠡᠷ ᠪᠦᠷᠢᠯᠳᠦᠵᠡᠢ᠃ ᠦᠭᠦᠯᠡᠯ ᠡᠩ ᠲᠡᠷᠢᠬᠦᠨ《 ᠮᠣᠩᠭᠤᠯ ᠤᠨ ᠨᠢᠭᠤᠴᠠ ᠲᠣᠪᠴᠢᠶᠠᠨ》 ᠳ᠋ᠤ ᠣᠷᠤᠭᠰᠠᠨ ᠳᠣᠮᠤᠭ ᠶᠠᠷᠢᠶ ᠠ ᠵᠢ ᠨᠡᠢᠭᠡᠮᠯᠡᠨ ᠠᠵᠢᠭᠯᠠᠵᠤ᠂ ᠲᠡᠭᠦᠨ ᠢ ᠭᠤᠷᠪᠠᠨ ᠬᠡᠰᠡᠭ ᠲᠤ ᠬᠤᠪᠢᠶᠠᠨ ᠦᠵᠡᠭᠰᠡᠨ ᠪᠦᠭᠡᠳ ᠲᠡᠳᠡᠭᠡᠷ ᠮᠣᠩᠭᠤᠯᠴᠤᠳ ᠤᠨ ᠤᠭᠰᠠᠭ᠎ᠠ ᠭᠠᠷᠤᠯ᠂ ᠡᠪᠦᠭᠡ ᠲᠡᠭᠡᠳᠦᠰ ᠤᠨ ᠦᠢᠯᠡ ᠶᠠᠪᠤᠳᠠᠯ ᠢ ᠲᠡᠮᠳᠡᠭᠯᠡᠨ ᠤᠯᠠᠮᠵᠢᠯᠠᠬᠤ ᠳ᠋ᠤ ᠶᠠᠮᠠᠷ ᠰᠢᠦ ᠡᠭᠦᠷᠭᠡ ᠦᠢᠯᠡᠳᠦᠯ ᠬᠦᠢᠴᠡᠳᠭᠡᠭᠰᠡᠨ ᠢ ᠲᠤᠭᠠᠴᠢᠨ ᠲᠤᠳᠤᠷᠬᠠᠢᠯᠠᠪᠠ᠃ ᠲᠠᠷᠠᠭ᠎ᠠ ᠨᠢ 《 ᠮᠣᠩᠭᠤᠯ ᠤᠨ ᠨᠢᠭᠤᠴᠠ ᠲᠤᠪᠴᠢᠶᠠᠨ》 ᠲᠡᠦᠬᠡᠨ ᠬᠦᠦᠷᠨᠢᠯ ᠬᠢᠭᠡᠳ ᠠᠮᠠᠨ ᠬᠦᠦᠷᠨᠢᠯ ᠢ ᠬᠡᠷᠬᠢᠨ ᠰᠣᠯᠪᠢᠴᠠᠭᠤᠯᠤᠨ ᠬᠡᠷᠡᠭᠯᠡᠵᠦ᠂ ᠮᠣᠩᠭᠤᠯ ᠤᠨ ᠲᠡᠦᠭᠡ ᠵᠢ ᠦᠨᠡᠨ ᠪᠦᠭᠡᠳ ᠲᠦᠷᠰᠦᠯᠢᠭ ᠢᠢᠡᠷ ᠲᠡᠮᠳᠡᠭᠯᠡᠨ ᠪᠢᠴᠢᠭᠰᠡᠨ ᠢ ᠵᠠᠳᠠᠯᠤᠨ ᠦᠭᠦᠯᠡᠵᠡᠢ᠃ ᠡᠴᠦᠰ ᠲᠤ ᠠᠮᠠᠨ ᠲᠡᠦᠭᠡ- ᠲᠤᠮᠤᠭ ᠶᠠᠷᠢᠶᠠᠨ ᠤ ᠲᠡᠦᠭᠡ ᠶᠢᠨ ᠤᠬᠠᠭᠠᠨ ᠤ ᠠᠴᠢ ᠬᠣᠯᠪᠤᠭᠳᠠᠯ ᠢ ᠴᠢᠬᠤᠯᠠᠣᠢᠯᠠᠨ ᠵᠢᠭᠠᠵᠤ᠂ ᠲᠡᠦᠬᠡ ᠪᠢᠴᠢᠯᠭᠡ ᠳ᠋ᠤ᠂ ᠢᠯᠠᠩᠭᠤᠶ ᠠ ᠦᠰᠦᠭ ᠪᠢᠴᠢᠭ ᠭᠠᠷᠬᠤ ᠡᠴᠡ ᠡᠮᠦᠨᠡᠬᠦ ᠲᠡᠦᠭᠡ ᠵᠢ ᠲᠡᠮᠳᠡᠭᠯᠡᠬᠦ ᠳ᠋ᠤ ᠦᠵᠡᠬᠦᠯᠵᠦ ᠴᠢᠬᠤᠯᠠ ᠦᠢᠯᠡᠳᠦᠯ ᠢ ᠲᠡᠮᠳᠡᠭᠯᠡᠪᠡ᠃ |