摘要 |
ᠮᠣᠩᠭᠤᠯᠴᠤᠳ ᠤᠨ ᠬᠠᠳᠠᠭ ᠪᠠᠷᠢᠬᠤ ᠶᠤᠰᠤᠨ ᠪᠤᠯ ᠮᠣᠩᠭᠤᠯ ᠦᠨᠳᠦᠰᠦᠲᠡᠨ ᠤ ᠶᠣᠰᠤ ᠰᠤᠷᠲᠠᠬᠤᠨ᠂ ᠤᠶᠤᠨ ᠰᠠᠨᠠᠭ᠎ᠠ᠂ ᠰᠣᠶᠣᠯ ᠲᠠᠳᠬᠠᠯ ᠵᠡᠷᠭᠡ ᠤᠯᠠᠨ ᠲᠠᠯ ᠠ ᠳ᠋ᠤ ᠬᠤᠯᠪᠤᠭᠳᠠᠬᠤ ᠶᠡᠷᠦᠩᠬᠡᠢᠢᠯᠡᠭᠰᠡᠨ ᠴᠢᠨᠠᠷ ᠲᠠᠢ ᠶᠣᠰᠤᠯᠠᠯ ᠤᠨ ᠠᠵᠢᠯᠯᠠᠭᠠᠨ ᠪᠤᠯᠤᠨ᠎ᠠ᠃ ᠬᠠᠳᠠᠭ ᠤᠨ ᠰᠣᠶᠡᠯ ᠨᠢ ᠮᠣᠩᠭᠤᠯᠴᠤᠳ ᠤᠨ 《ᠪᠡᠯᠭᠡ》 ᠶᠢᠨ ᠰᠣᠶᠣᠯ ᠪᠠ 《ᠪᠡᠯᠡᠭ》 ᠤᠨ ᠰᠣᠶᠣᠯ ᠤᠨ ᠨᠡᠢᠯᠡᠯ ᠡᠴᠡ ᠪᠤᠯᠪᠠ ᠭᠡᠵᠦ ᠦᠵᠡᠬᠦ ᠪᠤᠯᠳᠠᠭ᠃ ᠮᠣᠩᠭᠤᠯᠴᠤᠳ ᠤᠨ ᠤᠯᠠᠮᠵᠢᠯᠠᠯᠲᠤ ᠤᠢᠯᠠᠭᠠᠯᠲᠠ ᠳ᠋ᠤ 《ᠪᠡᠯᠡᠭ》 ᠨᠢ 《ᠪᠡᠯᠭᠡ 》ᠢᠨ ᠰᠢᠨᠵᠢ ᠲᠢᠠ ᠪᠤᠶᠤ 《ᠪᠡᠯᠭᠡ》 ᠶᠢᠨ ᠲᠦᠯᠦᠭᠡᠯᠡᠬᠦᠯᠦᠯ ᠪᠤᠯᠵᠤ ᠢᠷᠡᠵᠡᠢ᠃ ᠬᠠᠳᠠᠭ ᠤᠨ ᠲᠤᠰ ᠪᠠᠶ ᠠ ᠳ᠋ᠤ ᠠᠭᠤᠯᠤᠭᠳᠠᠭᠰᠠᠨ 《 ᠪᠡᠯᠭᠡᠲᠦ》ᠰᠢᠨᠵᠢ ᠨᠢ ᠲᠡᠭᠦᠨ ᠤ ᠦᠷᠲᠡᠭ ᠢ ᠲᠡᠭᠡᠭᠰᠢᠯᠡᠬᠦᠯᠵᠦ᠂ ᠠᠯᠢᠪᠠ ᠰᠠᠢᠨ ᠰᠠᠢᠬᠠᠨ ᠵᠦᠩᠨᠡᠯ ᠪᠡᠯᠭᠡᠳᠡᠯ ᠢ ᠬᠤᠷᠤᠢᠯᠠᠭᠰᠠᠨ ᠬᠠᠮᠤᠭ ᠡᠷᠬᠢᠮ ᠲᠡᠭᠡᠵᠢ ᠪᠡᠯᠡᠭ ᠪᠤᠯᠤᠭᠰᠠᠨ ᠪᠠᠢᠨ᠎ᠠ᠃ |