摘要 |
ᠮᠦᠷᠭᠦᠭᠦᠯᠦᠭᠰᠡᠨ ᠠᠪᠤ ᠡᠵᠢ ᠶᠢᠨ ᠵᠠᠩ ᠦᠢᠯᠡ ᠨᠢ ᠨᠡᠯᠢᠶᠡᠳ ᠡᠷᠲᠡᠨ ᠡᠴᠡ ᠤᠯᠠᠮᠵᠢᠯᠠᠯ ᠲᠠᠢ ᠪᠦᠭᠡᠳ ᠨᠡᠢᠲᠡ ᠮᠣᠩᠭᠤᠯ ᠤᠨ ᠰᠢᠨᠵᠢ ᠲᠠᠢ ᠪᠠᠢᠳᠠᠭ᠃ ᠮᠦᠷᠭᠦᠭᠦᠯᠦᠭᠰᠡᠨ ᠠᠪᠤ ᠡᠵᠢ ᠭᠡᠵᠦ ᠶᠡᠬᠡ ᠬᠤᠷᠢᠮ ᠳ᠋ᠤ ᠰᠢᠨ᠎ᠠ ᠪᠡᠷᠢ ᠶᠢᠨ ᠲᠡᠭᠷᠢ᠂ ᠭᠠᠯ᠂ ᠠᠪᠤ ᠂ ᠡᠵᠡᠢ ᠳ᠋ᠤ ᠪᠠᠨ ᠮᠦᠷᠬᠦᠭᠦᠦ ᠶᠣᠰᠤᠯᠠᠯ ᠢ ᠬᠠᠷᠢᠭᠤᠴᠠᠵᠤ᠂ᠭᠡᠦᠭᠡᠨ ᠤ ᠦᠰᠦ ᠵᠢ ᠨᠢ ᠬᠠᠭᠠᠯᠵᠤ ᠦᠭᠭᠦᠨ᠂ ᠰᠢᠨ᠎ᠠ ᠬᠤᠤᠰ ᠤᠨ ᠭᠤᠷᠪᠠᠳᠡᠬᠢ ᠠᠪᠤ ᠡᠵᠢ ᠶᠢᠨ ᠬᠤᠪᠢ ᠪᠡᠷ ᠰᠠᠨᠠᠵᠤ ᠬᠠᠢᠷᠠᠯᠠᠵᠤ ᠶᠠᠪᠤᠳᠠᠭ ᠬᠦᠮᠦᠨ᠃ ᠦᠭᠦᠯᠡᠯ ᠳ᠋ᠤ ᠬᠡᠭᠡᠷ ᠠ ᠶᠢᠨ ᠰᠢᠨᠵᠢᠯᠡᠭᠡᠨ ᠬᠢᠭᠡᠳ ᠨᠸᠮ ᠵᠤᠬᠢᠶᠠᠯ ᠤᠨᠪᠠᠷᠢᠮᠲᠡ ᠵᠢ ᠠᠰᠢᠭᠯᠠᠵᠤ᠂ ᠮᠦᠷᠭᠦᠭᠦᠯᠦᠭᠰᠡᠨ ᠠᠪᠤ ᠡᠵᠢ ᠶᠢᠨ ᠵᠠᠩ ᠦᠢᠯᠡ ᠨᠢ ᠵᠦᠪᠬᠡᠨ ᠮᠣᠩᠭᠤᠯᠴᠤᠳ ᠤᠨ ᠶᠠᠮᠠᠷ ᠨᠢᠭᠡᠨ ᠭᠠᠵᠠᠷ ᠤᠷᠤᠨ ᠤ ᠴᠢᠨᠠᠷᠲᠠᠢ ᠵᠠᠩ ᠦᠢᠯᠡ ᠪᠢᠰᠢ᠂ ᠬᠠᠷᠢᠨ ᠪᠦᠬᠦᠢᠯᠡ ᠦᠪᠦᠷ ᠮᠣᠩᠭᠤᠯ᠂ ᠴᠠᠭᠠᠰᠢᠯᠠᠨ ᠮᠣᠩᠭᠤᠯ ᠤᠯᠤᠰ ᠤᠨ ᠡᠯ ᠠ ᠶᠠᠰᠤᠲᠠᠳ ᠤᠨ ᠲᠤᠮᠲᠠ ᠴᠦ ᠦᠷᠭᠡᠨ ᠲᠠᠷᠭᠠᠭᠰᠠᠨ ᠨᠡᠯᠢᠶᠡᠳ ᠡᠷᠲᠡᠨ ᠤ ᠤᠯᠪᠠᠭ᠎ᠠ ᠲᠠᠢ ᠵᠠᠩ ᠦᠢᠯᠡ ᠪᠤᠯᠬᠤ ᠵᠢ ᠦᠭᠦᠯᠡᠪᠡ᠃ |