摘要 |
ᠲᠤᠰ ᠦᠭᠦᠯᠡᠯ ᠳᠦ ᠴᠠᠬᠠᠷ ᠲᠦᠮᠡᠨ ᠦ ᠡᠷᠲᠡᠨ ᠦ ᠲᠡᠦᠬᠡᠨ ᠳᠡᠬᠢ ᠵᠠᠷᠢᠮ ᠠᠰᠠᠭᠤᠳᠠᠯ ᠳᠤ ᠰᠢᠨᠵᠢᠯᠡᠯ ᠬᠢᠵᠡᠢ᠃ 《ᠴᠠᠬᠠᠷ》ᠪᠤᠯ 《ᠬᠠᠭᠤᠴᠢᠨ ᠴᠠᠬᠠᠷ》᠋ ᠤᠨ ᠲᠤᠪᠴᠢᠯᠠᠯ᠃ ᠬᠠᠭᠤᠴᠢᠨ ᠴᠠᠬᠠᠷ ᠪᠤᠯ ᠴᠠᠬᠠᠷ ᠲᠦᠮᠡᠨ ᠦ ᠠᠩ᠋ᠬᠠᠨ ᠤ ᠲᠠᠪᠤᠨ ᠶᠡᠬᠡ ᠣᠲᠤᠭ ᠤᠨ ᠳᠤᠲᠤᠷᠠᠬᠢ ᠠᠬᠠᠯᠠᠭᠴᠢ ᠣᠲᠤᠭ᠂ ᠡᠨᠡ ᠣᠲᠤᠭ ᠤᠨ ᠨᠡᠷ᠎ᠡ ᠡᠴᠡ ᠴᠠᠬᠠᠷ ᠭᠡᠰᠡᠨ ᠤᠯᠤᠰ ᠪᠤᠶᠤ ᠲᠦᠮᠡᠨ ᠦ ᠨᠡᠷ᠎ᠡ ᠡᠭᠦᠰᠴᠡᠢ᠃ 《ᠴᠠᠬᠠᠷ》ᠭᠡᠳᠡᠭ ᠦᠭᠡ ᠫᠧᠷᠰ ᠭᠠᠷᠤᠯᠲᠠᠢ᠂ 《ᠬᠡᠦᠬᠡᠳ᠂ ᠰᠢᠳᠡᠷ》ᠬᠡᠮᠡᠬᠦ ᠤᠳᠬ᠎ᠠ ᠲᠠᠢ᠃ ᠴᠠᠬᠠᠷ ᠲᠦᠮᠡᠨ ᠦ ᠡᠬᠢ ᠡᠭᠦᠰᠦᠯ ᠲᠤᠯᠤᠷ᠂ ᠰᠤᠷᠬᠠᠭᠳᠠᠨᠢ ᠶᠢᠨ ᠤᠯᠤᠰ ᠢᠷᠭᠡᠳ ᠲᠠᠢ ᠲᠡᠦᠬᠡᠨ ᠬᠤᠯᠪᠤᠭ᠎ᠠ ᠲᠠᠢ᠃ 15᠋ ᠳᠤᠭᠠᠷ ᠵᠠᠭᠤᠨ ᠠᠴᠠ ᠬᠤᠪᠢᠯᠠᠢ ᠬᠠᠭᠠᠨ ᠤ ᠬᠤᠢ᠌ᠴᠢᠰ ᠭᠠᠷᠤᠯᠲᠠᠢ ᠮᠣᠩ᠋ᠭᠤᠯ ᠬᠠᠭᠠᠳ ᠤᠨ ᠬᠠᠭᠠᠨ ᠤᠷᠲᠤ ᠴᠠᠬᠠᠷ ᠲᠦᠮᠡᠨ ᠳᠦ ᠰᠠᠭᠤᠵᠤ᠂ ᠴᠠᠬᠠᠷ ᠲᠦᠮᠡᠨ ᠬᠠᠭᠠᠨ ᠤ ᠰᠢᠭᠤᠳ ᠡᠵᠡᠮᠰᠢᠯ ᠳᠦ ᠪᠠᠢ᠌ᠵᠠᠢ᠃ ᠮᠠᠨᠳᠤᠭᠤᠯ ᠬᠠᠭᠠᠨ ᠤ ᠨᠤᠶᠠᠯᠠᠯ ᠳᠤᠤᠷ᠎ᠠ ᠴᠠᠬᠠᠷ ᠲᠦᠮᠡᠨ ᠬᠦᠴᠦᠷᠬᠡᠭ᠍ᠵᠢᠵᠦ᠂ ᠮᠣᠩ᠋ᠭᠤᠯ ᠬᠠᠭᠠᠳ ᠤᠨ ᠬᠠᠷᠢᠶᠠᠨ ᠳᠠᠬᠢ ᠵᠢᠷᠭᠤᠭᠠᠨ ᠲᠦᠮᠡᠨ ᠦ ᠳᠤᠲᠤᠷ᠎ᠠ ᠠᠬᠠᠯᠠᠬᠤ ᠪᠠᠢ᠌ᠷᠢ ᠶᠢ ᠡᠵᠡᠯᠡᠭᠰᠡᠨ᠃ 15᠋ ᠳᠤᠭᠠᠷ ᠵᠠᠭᠤᠨ ᠤ ᠰᠡᠭᠦᠯᠴᠢ 16᠋ ᠳᠤᠭᠠᠷ ᠵᠠᠭᠤᠨ ᠤ ᠡᠬᠢᠨ ᠳᠦ ᠴᠠᠬᠠᠷ ᠲᠦᠮᠡᠨ ᠳᠦ ᠲᠠᠪᠤᠨ ᠶᠡᠬᠡ ᠣᠲᠤᠭ ᠲᠠᠢ ᠪᠠᠢ᠌ᠭᠰᠠᠨ ᠠᠴᠠ 16᠋ ᠳᠤᠭᠠᠷ ᠵᠠᠭᠤᠨ ᠤ ᠬᠤᠢ᠌ᠨ᠎ᠠ ᠬᠠᠭᠠᠰ ᠪᠤᠯᠬᠤ ᠳᠤ ᠣᠯᠤᠰᠪᠤᠯᠤᠳ ᠤᠨ ᠦᠷ᠎ᠡ ᠠᠴᠢᠨᠠᠷ ᠴᠠᠬᠠᠷ ᠲᠦᠮᠡᠨ ᠦ ᠳᠤᠲᠤᠭᠠᠳᠤ ᠳᠤ ᠲᠠᠰᠤᠷᠠᠯᠲᠠ ᠦᠭᠡᠢ ᠦᠮᠴᠢ ᠬᠤᠪᠢᠶᠠᠭᠰᠠᠨ ᠠᠴᠠ ᠡᠳᠦᠢ ᠲᠡᠳᠦᠢ ᠰᠢᠨ᠎ᠡ ᠣᠲᠤᠭ ᠤᠳ ᠨᠡᠮᠡᠭᠳᠡᠭᠰᠡᠨ ᠪᠤᠯᠪᠠᠴᠤ ᠶᠡᠬᠡ ᠣᠲᠤᠭ ᠨᠢ ᠨᠠᠢᠮᠠᠬᠠᠨ ᠪᠠᠢ᠌ᠵᠠᠢ᠃ ᠮᠣᠩ᠋ᠭᠤᠯ ᠰᠤᠷᠪᠤᠯᠵᠢᠰ ᠲᠤ ᠴᠠᠬᠠᠷ ᠢ 《ᠨᠠᠢᠮᠠᠨ ᠣᠲᠤᠭ ᠴᠠᠬᠠᠷ》ᠬᠡᠮᠡᠳᠡᠭ ᠨᠢ ᠶᠠᠭ ᠡᠭᠦᠨ ᠢ ᠦᠨᠳᠦᠰᠦᠯᠡᠭᠰᠡᠨ᠃ ᠨᠠᠢᠮᠠᠨ ᠣᠲᠤᠭ ᠠᠨᠤ ᠠᠷᠤ ᠶᠢᠨ ᠪᠤᠶᠤ ᠪᠠᠷᠠᠭᠤᠨ ᠭᠠᠷ ᠤᠨ ᠬᠠᠭᠤᠴᠢᠳ᠂ ᠰᠦᠨᠢᠳ᠂ ᠦᠵᠦᠮᠦᠴᠢᠨ᠂ ᠬᠡᠰᠢᠭᠲᠡᠨ ᠳᠦᠷᠪᠡᠨ ᠣᠲᠤᠭ᠃ ᠦᠯᠭᠡ (ᠦᠪᠦᠷ)᠋ ᠶᠢᠨ ᠪᠤᠶᠤ ᠵᠡᠭᠦᠨ ᠭᠠᠷ ᠤᠨ ᠠᠯᠬᠠᠴᠢᠭᠤᠳ᠂ ᠠᠤᠬᠠᠨ᠂ ᠨᠠᠢᠮᠠᠨ᠂ ᠤᠷᠤᠭᠤᠳ ᠳᠦᠷᠪᠡᠨ ᠣᠲᠤᠭ᠃ |