摘要 |
ᠤᠳᠤ ᠦᠶ ᠠ ᠶᠢᠨ ᠮᠣᠩᠭᠤᠯ ᠤᠷᠠᠨ ᠵᠤᠬᠢᠶᠠᠯ ᠤᠨ ᠲᠡᠦᠭᠡᠨ ᠳ᠋ᠡᠬᠢ ᠵᠤᠬᠢᠬ ᠤᠴᠠᠭ ᠦᠶ ᠠ ᠳ᠋ᠤ ᠠᠷᠠᠳ ᠤᠨ ᠠᠮᠠᠨ ᠢᠷᠠᠭᠤ ᠨᠠᠢᠷᠠᠭ ᠬᠢᠭᠡᠳ ᠪᠢᠴᠢᠭ ᠤᠨ ᠢᠷᠠᠭᠤ ᠨᠠᠢᠷᠠᠭ ᠤᠨ ᠬᠤᠭᠤᠷᠤᠨᠳᠤᠬᠢ ᠭᠦᠬᠦᠷᠡᠭᠡ ᠪᠤᠯᠵᠤ᠂ ᠪᠢᠴᠢᠭ ᠤᠨ ᠢᠷᠠᠭ ᠨᠠᠢᠷᠠᠭ ᠢ ᠨᠦᠯᠦᠬᠡᠯᠡᠨ᠂ ᠲᠡᠭᠦᠨ ᠤ ᠬᠦᠭᠵᠢᠯᠲᠡ ᠵᠢ ᠲᠦᠯᠬᠢᠨ ᠠᠬᠢᠭᠤᠯᠤᠭᠠᠭ᠂ ᠪᠢᠴᠢᠭ ᠤᠨ ᠢᠷᠭᠤ ᠨᠠᠢᠷᠠᠭ ᠡᠷᠴᠢᠮᠲᠡᠢ ᠬᠦᠭᠵᠢᠭᠡᠳ ᠢᠷᠡᠭᠦ ᠪᠡᠷ ᠭᠡᠳᠡᠷᠬᠦ ᠪᠠᠨ ᠲᠡᠭᠦᠨ᠎ᠡ ᠤ ᠬᠦᠴᠦᠲᠦ ᠤᠷᠤᠰᠬᠠᠯ ᠳ᠋ᠤ ᠨᠦᠯᠦᠭᠡᠯᠡᠭᠳᠡᠨ᠂ ᠪᠢᠴᠢᠭ ᠤᠨ ᠢᠷᠠᠭᠤ ᠨᠠᠢᠷᠠᠭ ᠤᠨ ᠤᠷᠠᠨ ᠮᠡᠷᠭᠡᠵᠢᠯ ᠡᠴᠡ ᠰᠤᠷᠴᠤ᠂ ᠵᠤᠬᠢᠶᠠᠨᠪᠦᠲᠦᠭᠡᠯ ᠨᠢ ᠤᠯᠠᠮ ᠢᠢᠡᠷ ᠦᠪᠡᠷᠮᠢᠴᠡ ᠬᠡᠪ ᠨᠠᠮᠪᠠ ᠲᠠᠢ ᠪᠤᠯᠬᠤ ᠲᠡᠰᠢ ᠬᠠᠨᠳᠤᠵᠤ᠂ ᠠᠮᠠᠨ ᠢᠷᠠᠭ ᠤᠨᠢᠷᠠᠭᠴᠢᠳ ᠦᠪᠡᠷᠰᠡᠳ ᠢᠢᠡᠨ ᠴᠦ ᠪᠢᠴᠢᠭ ᠤᠨ ᠢᠷᠠᠭᠤ ᠨᠠᠢᠷᠠᠭᠴᠢ᠂ ᠲᠡᠷᠡᠴᠢᠯᠡᠨ ᠦᠯᠢᠭᠡᠷ ᠲᠤᠭᠤᠵᠢ ᠶᠢᠨ ᠵᠤᠬᠢᠶᠠᠯᠴᠢ ᠪᠤᠯᠬᠤ ᠪᠡᠷ ᠴᠢᠷᠮᠠᠵᠦ ᠪᠠᠢᠭᠰᠠᠨ ᠰᠣᠨᠢᠷᠬᠠᠯ ᠲᠠᠢ ᠦᠵᠡᠭᠳᠡᠯ ᠭᠠᠷᠴᠠᠢ᠃ ᠡᠨᠡ ᠦᠵᠡᠭᠳᠡᠯ ᠡᠩ ᠲᠡᠷᠢᠬᠦᠨ ᠳ᠋ᠤ ᠠᠪᠢᠶᠠᠰ ᠪᠢᠯᠢᠭ᠍ᠲᠤ ᠠᠮᠠᠨ ᠢᠷᠠᠭᠤ ᠨᠢᠷᠠᠭᠴᠢ ᠪᠠᠵᠠᠢ᠂ ᠮᠤᠤ᠋ᠬᠢᠨ ᠯᠤᠭ᠎ᠠ ᠬᠤᠯᠪᠤᠭᠳᠠᠨ᠎ᠠ᠃ |