摘要 |
ᠮᠣᠩᠭᠤᠯ ᠬᠡᠯᠡᠨ ᠤ ᠬᠠᠷᠢ ᠭᠠᠷᠤᠯ ᠲᠠᠢ ᠦᠭᠡᠰ ᠤᠨ ᠨᠡᠯᠢᠶᠡᠳ ᠨᠢ ᠮᠣᠩᠭᠤᠯ ᠬᠡᠯᠡᠨ ᠤ ᠬᠡᠪᠰᠢᠯ ᠢ ᠤᠯᠤᠭᠰᠠᠨ ᠪᠠᠢᠳᠠᠭ ᠤᠴᠢᠷ ᠡᠴᠡ ᠦᠩᠭᠡᠴᠡ ᠠᠵᠢᠭᠯᠠᠬᠤ ᠳ᠋ᠤ ᠠᠪᠢᠶᠠᠨ ᠤ ᠪᠦᠷᠬᠦᠬᠦᠯ ᠤᠨ ᠬᠤᠪᠢ ᠳ᠋ᠤ ᠤᠤᠭᠠᠯ ᠮᠣᠩᠭᠤᠯ ᠦᠭᠡ ᠡᠴᠡ ᠲᠡᠳᠦᠢᠯᠡ ᠢᠯᠭᠠᠭᠳᠠᠬᠤ ᠪᠡᠷ ᠦᠭᠡᠢ ᠪᠤᠯᠤᠭᠰᠠᠨ ᠪᠠᠢᠳᠠᠭ᠃ ᠲᠡᠭᠡᠵᠦ ᠬᠤᠪᠢᠷᠠᠭᠰᠠᠨ ᠦᠭᠡᠰ ᠤᠨ ᠭᠠᠷᠤᠯ ᠢ ᠵᠦᠪ ᠲᠤᠭᠲᠠᠭᠠᠬᠤ ᠳ᠋ᠤ ᠮᠣᠩᠭᠤᠯ ᠬᠡᠯᠡᠨ ᠳ᠋ᠤ ᠪᠠᠢᠭ᠎ᠠ ᠤᠢᠷᠠᠯᠴᠠᠭ᠎ᠠ ᠲᠦᠰᠦᠭᠡᠲᠡᠢ ᠢᠵᠠᠭᠤᠷ ᠦᠭᠡ ᠲᠡᠢ᠂ ᠡᠰᠡᠪᠡᠯ ᠲᠦᠷᠦᠯ᠂ ᠲᠦᠷᠦᠯ ᠪᠤᠰᠦ ᠬᠡᠯᠡᠨ ᠤ ᠦᠭᠡᠰ ᠤᠨ ᠰᠠᠩ ᠳ᠋ᠤ ᠪᠠᠢᠭ᠎ᠠ ᠬᠤᠯᠪᠤᠭᠳᠠᠵᠤ ᠪᠤᠯᠬᠤ ᠮᠠᠬᠠᠪᠤᠪᠳ ᠲᠠᠢ ᠬᠠᠷᠢᠴᠠᠭᠤᠯᠬᠤ ᠠᠷᠭ᠎ᠠ ᠵᠢ ᠬᠡᠷᠡᠭᠯᠡᠭᠦ ᠬᠡᠷᠡᠭᠲᠡᠢ ᠪᠤᠯᠳᠠᠭ᠃ ᠲᠡᠭᠦᠬᠦ ᠳ᠋ᠡᠭᠡᠨ ᠲᠤᠬᠠᠢ ᠶᠢᠨ ᠦᠭᠡ ᠶᠢᠨ ᠪᠦᠲᠦᠭᠰᠡᠨ ᠮᠠᠬᠠᠪᠤᠳ ᠬᠢᠭᠡᠳ ᠠᠪᠢᠶᠠᠨ ᠤ ᠲᠡᠦᠭᠡᠨ ᠬᠤᠪᠢᠰᠤᠯ ᠦᠭᠡᠷᠡᠴᠢᠯᠡᠯ ᠨᠢ ᠮᠣᠩᠭᠤᠯ ᠬᠡᠯᠡᠨ ᠤ ᠵᠦᠢ ᠲᠤᠭᠲᠠᠭᠠᠯ ᠲᠠᠢ ᠬᠡᠷᠬᠢᠨᠨᠡᠢᠴᠡᠵᠦ ᠪᠠᠢᠨ᠎ᠠ ᠭᠡᠳᠡᠭ ᠢ ᠠᠩᠬᠠᠷᠬᠤ ᠬᠡᠷᠡᠭᠲᠡᠢ᠃ |