摘要 |
ᠨᠠᠢᠷᠠᠭᠤᠯᠬᠤ ᠤᠬᠠᠭᠠᠨ ᠪᠡᠶ ᠠ ᠪᠠᠨ ᠲᠠᠭᠠᠭᠠᠭᠰᠠᠨ ᠰᠢᠨᠵᠢᠯᠡᠭᠡᠨ ᠪᠤᠯᠤᠭᠰᠠᠨ ᠤ ᠬᠤᠪᠢ ᠳ᠋ᠤ ᠲᠡᠭᠦᠨ ᠳ᠋ᠤ ᠮᠠᠰᠢ ᠢᠯᠡ ᠲᠤᠳᠤᠷᠬᠠᠢ ᠂ ᠪᠤᠰᠤᠳ ᠰᠢᠨᠵᠢᠡᠯᠭᠡᠨ ᠡᠴᠡ ᠢᠯᠭᠠᠪᠤᠷᠢᠯᠠᠭᠳᠠᠬᠤ ᠦᠪᠡᠷᠮᠢᠴᠡ ᠰᠣᠳᠤᠯᠤᠭᠳᠠᠬᠤᠨ ᠪᠠ ᠰᠣᠳᠤᠯᠬᠤ ᠠᠭᠤᠯᠭ᠎ᠠ ᠲᠠᠢ ᠶᠣᠮ᠃ ᠬᠡᠷᠪᠡ ᠲᠡᠭᠦᠨ ᠳ᠋ᠤ ᠰᠣᠳᠤᠯᠤᠭᠳᠠᠬᠤᠨ ᠪᠠ ᠰᠣᠳᠤᠯᠬᠤ ᠠᠭᠤᠯᠭ᠎ᠠ ᠦᠭᠡᠢ ᠶᠸᠮ ᠪᠤᠯ ᠨᠠᠢᠷᠠᠭᠤᠯᠬᠤ ᠤᠬᠠᠭᠠᠨ ᠭᠡᠬᠦ ᠰᠢᠨᠵᠢᠯᠡᠭᠡᠨ ᠴᠦ ᠪᠠᠢᠬᠤ ᠨᠦᠬᠦᠴᠡᠯ ᠦᠬᠡᠢ ᠪᠤᠯᠤᠨ᠎ᠠ᠃ ᠨᠠᠢᠷᠠᠭᠤᠯᠬᠤ ᠤᠬᠠᠭᠠᠨ ᠤ ᠰᠣᠳᠤᠯᠤᠭᠳᠠᠬᠤᠨ ᠴᠤᠬᠤᠮ ᠶᠠᠭᠤ ᠪᠤᠯᠬᠤ᠂ ᠲᠡᠬᠦᠨ ᠤ ᠰᠣᠳᠤᠯᠬᠤ ᠠᠭᠤᠯᠭ᠎ᠠ ᠶᠢᠨ ᠬᠦᠷᠢᠶ ᠡ ᠬᠡᠪᠴᠢᠶ ᠠ ᠵᠢ ᠬᠡᠷᠬᠢᠨ ᠲᠤᠭᠲᠠᠭᠠᠬᠤ ᠵᠡᠷᠭᠡ ᠠᠰᠠᠭᠤᠳᠠᠯ ᠪᠤᠯ ᠨᠠᠢᠷᠠᠭᠤᠯᠬᠤ ᠤᠬᠠᠭᠠᠨ ᠤ ᠰᠣᠳᠤᠯᠤᠯ ᠳ᠋ᠤ ᠶᠠᠭᠤᠨ ᠤ ᠡᠮᠦᠨ᠎ᠠ ᠵᠠᠪᠠᠯ ᠰᠢᠢᠳᠪᠦᠷᠢᠯᠡᠬᠦ ᠭᠡᠷᠡᠭᠲᠡᠢ ᠴᠢᠬᠤᠯᠠ ᠰᠡᠳᠦᠪ ᠮᠦᠨ᠃ |