摘要 |
《ᠵᠠᠩᠭᠠᠷ》 ᠤᠨ ᠲᠤᠤᠯᠢ ᠳ᠋ᠤ ᠴᠤᠬᠤᠮ ᠠᠯᠢ ᠦᠶ ᠠ ᠶᠢᠨ ᠪᠦᠲᠦᠭᠡᠯ ᠪᠤᠯᠬᠤ ᠪᠤᠢ︖ ᠲᠡᠷᠡ ᠨᠢ ᠶᠠᠮᠠᠷ ᠨᠢᠭᠡᠨ ᠠᠮᠢᠳᠤᠷᠠᠯ ᠢ ᠲᠤᠰᠬᠠᠬᠭᠰᠠᠨ ᠪᠤᠢ︖ ᠡᠨᠡ ᠪᠤᠯ《 ᠵᠠᠩᠭᠠᠷ》 ᠰᠣᠳᠤᠯᠤᠯ ᠳ᠋ᠤ ᠲᠤᠯᠭᠠᠷᠠᠵᠤ ᠪᠦᠬᠦᠢ ᠬᠠᠮᠤᠭ ᠤᠨ ᠬᠦᠱᠢᠷᠲᠡᠢ ᠮᠦᠷᠲᠡᠭᠡᠨ ᠲᠡᠭᠦᠨ ᠢ ᠵᠦᠪ ᠤᠨᠤᠪᠴᠢᠲᠠᠢ ᠦᠨᠡᠯᠡᠨ ᠰᠢᠬᠦᠮᠵᠢᠯᠡᠬᠦ ᠵᠠᠯᠩᠬᠢᠯᠠᠭᠠ ᠶᠢᠨ ᠠᠰᠠᠭᠤᠳᠠᠯ ᠪᠤᠯᠤᠨ᠎ᠠ᠃ 《 ᠵᠠᠩᠭᠠᠷ》 ᠲᠠᠷᠬᠠᠨ ᠤᠯᠠᠮᠵᠢᠯᠠᠬᠤ ᠤᠷᠲᠤ ᠤᠳᠠᠭᠠᠨ ᠶᠠᠪᠤᠴᠠ ᠳ᠋ᠠᠭᠠᠨ ᠠᠳᠠᠯᠢ ᠪᠤᠰᠤ ᠲᠡᠦᠭᠡᠨ ᠴᠠᠭ ᠦᠶ ᠠ ᠶᠢᠨ ᠡᠯᠸᠮᠸᠨ᠋ᠲ ᠬᠤᠯᠢᠯᠲᠤᠨ ᠤᠷᠤᠭᠰᠠᠨ ᠡᠴᠡ ᠪᠤᠯᠵᠤ᠂《ᠵᠠᠩᠭᠠᠷ》 ᠤᠨ ᠲᠤᠰ ᠪᠡᠶ ᠠ ᠡᠴᠡ ᠡᠨᠡ ᠠᠰᠠᠭᠤᠳᠠᠯ ᠢ ᠲᠤᠳᠤᠯᠠᠶ ᠠ ᠭᠡᠵᠦ ᠤᠷᠤᠯᠳᠤᠪᠠᠯ ᠲᠤᠳᠤᠮ ᠨᠡᠩ ᠤᠯᠠᠨ ᠵᠦᠢᠯ ᠤᠨ ᠬᠡᠨ ᠬᠡᠨ ᠢᠢᠡᠨ ᠢᠳᠡᠭᠡᠭᠦᠯᠵᠦ ᠦᠯᠦ ᠴᠢᠳᠠᠬᠤ ᠦᠵᠡᠯᠲᠡ ᠨᠣᠭᠦᠳ ᠭᠠᠷᠴᠤ ᠢᠷᠡᠳᠡᠭ᠃ |