摘要 |
ᠮᠣᠩᠭᠤᠯ ᠬᠡᠯᠡ ᠨᠢ ᠮᠠᠨ ᠤ ᠨᠡᠢᠲᠡ ᠦᠨᠳᠦᠰᠦᠲᠡᠨ ᠤ ᠬᠡᠯᠡ ᠪᠤᠯᠤᠨ ᠪᠦᠷᠢᠯᠳᠦᠵᠦ ᠬᠡᠷᠡᠭᠯᠡᠭᠳᠡᠬᠦ ᠶᠠᠪᠤᠴᠠ ᠳ᠋ᠤ ᠤᠷᠲᠤ ᠤᠳᠠᠭᠠᠨ ᠬᠤᠭᠤᠴᠠᠭᠠᠨ ᠤ ᠬᠦᠭᠵᠢᠯᠲᠡ ᠬᠤᠪᠢᠷᠠᠯᠲᠠ ᠵᠢ ᠦᠩᠭᠡᠷᠡᠭᠡᠵᠡᠢ᠃ ᠡᠭᠦᠨ ᠳ᠋ᠤ ᠲᠡᠭᠦᠨ ᠤ ᠪᠤᠳᠠᠳᠠᠢ ᠭᠡᠷᠡᠭᠯᠡᠭᠳᠡᠬᠦ ᠬᠦᠷᠢᠶ ᠡ ᠬᠡᠪᠴᠢᠶ ᠠ᠂ ᠬᠡᠯᠡ ᠵᠦᠢ ᠶᠢᠨ ᠵᠢᠷᠤᠮ ᠭᠤᠷᠢᠮ᠂ ᠦᠭᠡᠰ ᠤᠨ ᠰᠠᠩ᠂ ᠲᠠᠭᠤᠳᠠᠯᠭ᠎ᠠ ᠪᠢᠴᠢᠯᠭᠡ ᠵᠡᠷᠭᠡ ᠲᠠᠯ ᠠ ᠪᠡᠷ ᠤᠳᠤ ᠪᠠ ᠦᠩᠭᠡᠷᠡᠭᠰᠡᠨ ᠨᠢ ᠨᠡᠯᠢᠶᠡᠳ ᠶᠡᠬᠡ ᠵᠦᠷᠢᠶ ᠠ ᠲᠠᠢ ᠪᠤᠯᠵᠠᠢ᠃ ᠮᠣᠩᠭᠤᠯ ᠬᠡᠯᠡ ᠨᠢ ᠠᠯᠳᠠᠢ ᠰᠢᠰᠲ᠋ᠸᠮ ᠤᠨ ᠬᠡᠯᠡᠨ ᠤ ᠨᠢᠭᠡ ᠪᠦᠷᠢᠯᠳᠦᠬᠦᠨ ᠪᠤᠯᠤᠭᠰᠠᠨ ᠤ ᠬᠤᠪᠢ ᠳ᠋ᠤ ᠭᠡᠳᠦᠨ ᠵᠠᠭᠤᠨ ᠵᠢᠯ ᠤᠨ ᠦᠪᠡᠷ ᠤᠨ ᠬᠦᠭᠵᠢᠯᠲᠡ ᠶᠢᠨ ᠶᠠᠪᠤᠴᠠ ᠳ᠋ᠠᠭᠠᠨ ᠲᠡᠭᠦᠨ ᠤ ᠬᠦᠷᠰᠢ ᠵᠡᠷᠭᠡᠯᠡᠳᠡᠭᠡ ᠤᠷᠤᠰᠵᠢᠵ ᠤᠪᠠᠢᠭᠰᠠᠨ ᠤᠢᠭᠤᠷ ᠵᠡᠷᠭᠡ ᠪᠤᠰᠤᠳ ᠬᠡᠯᠡᠲᠡᠨ ᠤ ᠨᠦᠯᠦᠭᠡ ᠵᠢ ᠪᠠᠰᠠ ᠪᠠᠭ᠎ᠠ ᠪᠤᠰᠤ ᠬᠦᠷᠲᠡᠭᠰᠠᠡᠨ ᠪᠠᠢᠨ᠎ᠠ᠃ |