题名 |
ᠤᠢᠷ ᠠ ᠦᠶ ᠠ ᠳ᠋ᠤ ᠤᠷᠤᠰᠴᠤᠳ ᠬᠠᠯᠠᠭᠤᠨ ᠷᠠᠰᠢᠶᠠᠨ ᠢ ᠬᠠᠢᠨ ᠪᠠᠢᠴᠠᠭᠠᠭᠰᠠᠨ |
作者 |
ᠲᠠᠷᠠᠭᠠᠬᠦᠦ |
关键词 |
ᠬᠠᠯᠠᠭᠤᠨ ᠷᠠᠰᠢᠶᠠᠨ︔ ᠤᠷᠤᠰᠴᠤᠳ ᠤᠨ ᠪᠠᠢᠴᠠᠭᠠᠨ ᠠᠰᠢᠭᠯᠠᠯᠲᠠ︔ ᠪᠤᠯᠠᠭ ᠤᠳ ᠤᠨ ᠮᠣᠩᠭᠤᠯ ᠨᠡᠷᠢᠢᠳᠦᠯ |
摘要 |
ᠤᠢᠷ ᠠ ᠦᠶ ᠠ ᠶᠢᠨ ᠵᠦᠩ ᠳ᠋ᠦᠩ ᠲᠡᠮᠡᠦ ᠵᠠᠮ ᠪᠤᠯ ᠬᠠᠭᠠᠨᠲᠤ ᠤᠷᠤᠰ ᠡᠣᠡ ᠲᠤᠮᠳᠠᠳᠤ ᠤᠯᠤᠰ ᠤᠨ ᠵᠡᠬᠦᠨ ᠬᠤᠢᠲᠤ ᠤᠷᠤᠨ ᠳ᠋ᠤ ᠲᠡᠪᠢᠰᠴᠤ ᠡᠵᠡᠨᠩᠡᠭᠰᠡᠨ ᠣᠢᠬᠤᠯᠠ ᠲᠡᠮᠦᠷ ᠵᠠᠮ ᠮᠦᠨ᠃ ᠡᠨᠡ ᠬᠦ ᠲᠡᠮᠦᠷ ᠵᠠᠮ ᠬᠦᠯᠦᠨ ᠪᠤᠢᠷ ᠢᠢᠡᠷ ᠲᠠᠭᠠᠷᠢᠨ ᠦᠩᠭᠡᠷᠡᠳᠡᠭ ᠪᠦᠭᠡᠳ ᠤᠨᠤᠰ ᠲᠦᠷᠦ᠂ ᠠᠵᠤ ᠠᠬᠤᠢ᠂ ᠨᠡᠢᠭᠡᠮ ᠵᠡᠷᠭᠡ ᠲᠠᠯ ᠠ ᠪᠡᠷ ᠮᠣᠩᠭᠤᠯ ᠤᠷᠤᠨ ᠳ᠋ᠤ ᠯᠤᠲᠤ ᠶᠡᠬᠡ ᠨᠦᠯᠦᠭᠡ ᠦᠵᠡᠭᠦᠯᠦᠭᠰᠡᠨ ᠶᠣᠮ᠃ ᠦᠭᠦᠯᠡᠯ ᠳ᠋ᠤ ᠲᠤᠰ ᠲᠡᠮᠦᠷ ᠵᠠᠮ ᠢ ᠲᠠᠭᠠᠯᠳᠤᠨ ᠤᠷᠤᠵᠤ ᠢᠷᠡᠭᠰᠡᠨ ᠤᠷᠤᠰᠴᠤᠳ ᠲᠤᠬᠠᠢ ᠶᠢᠨ ᠦᠶ ᠠ ᠶᠢᠨ ᠬᠦᠯᠦᠨ ᠪᠤᠢᠷ ᠤᠨ ᠬᠠᠷᠢᠶᠠᠨ ᠳ᠋ᠡᠬᠢ ᠬᠠᠯᠠᠭᠤᠨ ᠷᠠᠰᠢᠶᠠᠨ ᠳ᠋ᠤ ᠬᠠᠢᠨ ᠪᠠᠢᠴᠠᠭᠠᠯᠲᠠ ᠬᠢᠭᠰᠡᠨ ᠪᠠ ᠨᠡᠭᠡᠭᠡᠨ ᠠᠰᠢᠭᠯᠠᠭᠰᠠᠨ ᠪᠠᠢᠳᠠᠯ ᠢ ᠦᠭᠦᠯᠡᠬᠦ ᠪᠡᠷ ᠲᠠᠮᠵᠢᠭᠤᠯᠤᠨ᠂ ᠰᠢᠨ᠎ᠠ ᠬᠠᠷᠭᠠᠰᠤ ᠡᠣᠡ ᠬᠠᠯᠠᠭᠤᠨ ᠷᠠᠰᠢᠶᠠᠨ ᠤ ᠲᠡᠦᠭᠡ ᠰᠣᠳᠤᠯᠤᠯ ᠢ ᠨᠦᠬᠦᠪᠦᠷᠢᠯᠡᠬᠦ ᠶᠢᠨ ᠬᠠᠮᠲᠤ᠂ ᠬᠤᠯᠪᠤᠭᠳᠠᠯ ᠪᠦᠬᠦᠢ ᠰᠣᠳᠤᠯᠭᠠᠨ ᠳ᠋ᠤ ᠡᠰᠢ ᠮᠠᠲ᠋ᠷᠢᠶᠠᠯ ᠬᠠᠩᠭᠠᠬᠤ ᠵᠢ ᠵᠤᠷᠢᠭᠰᠠᠨ ᠶᠣᠮ᠃ |
原文 |
查看原文
|
出自 |
内蒙古大学学报
2022年
第3期
|