论文信息


题名 《ᠵᠠᠩᠭᠠᠷ》 ᠲᠡᠬᠢ ᠪᠦᠬᠡ ᠮᠦᠩᠬᠦᠨ ᠰᠢᠭ᠍ᠰᠢᠷᠡᠭᠡ ᠪᠠ ᠵᠠᠩᠭᠠᠷ ᠤᠨ ᠲᠦᠷᠦ ᠶᠢᠨ ᠡᠷᠭᠡ ᠶᠢᠨ ᠪᠤᠯᠢᠶᠠᠯᠳᠤᠭᠠᠨ ᠤ ᠠᠰᠠᠭᠤᠳᠠᠯ ᠳ᠋ᠤ
作者 ᠵᠤᠯᠠᠨᠴᠡᠴᠡᠭ᠌
关键词 《ᠵᠠᠩᠭᠠᠷ》︔ ᠪᠦᠭᠡ ᠮᠦᠩᠬᠦᠨ ᠰᠢᠭ᠍ᠰᠢᠷᠡᠭᠡ︔ ᠵᠠᠩᠭᠠᠷ︔ ᠬᠠᠭᠠᠳ ᠤᠨ ᠴᠠᠳᠢᠭ︔ ᠡᠵᠡᠨ ᠰᠢᠷᠬᠢ ᠶᠢᠨ ᠬᠠᠭᠠᠨ ᠲᠦᠷᠦ
摘要 ᠶᠠᠫᠤᠨ ᠤ ᠡᠷᠲᠡᠮᠲᠡᠨ ᠹᠦᠵᠢ ᠮᠡᠺᠤ ᠪᠡᠷ ᠪᠦᠭᠡ ᠮᠦᠩᠬᠦᠨ ᠰᠢᠭ᠍ᠰᠢᠷᠡᠭᠡ ᠡᠣᠡ ᠵᠠᠩᠭᠠᠷ ᠢ ᠠᠯᠠᠬᠤ ᠪᠡᠷ ᠰᠢᠢᠳᠦᠭᠰᠡᠨ ᠪᠠ ᠰᠡᠭᠦᠯ ᠳ᠋ᠤᠨᠢ ᠡᠵᠡᠨ ᠰᠢᠷᠬᠢ ᠶᠢᠨ ᠬᠠᠭᠠᠨ ᠲᠦᠷᠦ ᠵᠢ ᠵᠠᠩᠭᠠᠷ ᠲᠤ ᠦᠭᠬᠦ ᠪᠡᠷ ᠪᠤᠯᠤᠭᠰᠠᠨ ᠰᠢᠯᠲᠠᠭᠠᠨ ᠢ ᠵᠠᠩᠭᠠᠷ ᠪᠤᠯᠤᠨ ᠬᠤᠩᠭᠤᠷ ᠬᠤᠶᠠᠷ ᠨᠢ ᠡᠴᠢᠭᠡ ᠦᠭᠡᠷ ᠠ ᠡᠬᠡ ᠨᠢᠭᠡᠲᠡᠢ ᠡᠣᠡ ᠪᠤᠯᠵᠠᠢ ᠬᠡᠮᠡᠨ ᠲᠠᠢᠯᠪᠤᠷᠢᠯᠠᠪᠠ᠃ ᠲᠤᠰ ᠦᠭᠦᠯᠡᠯ ᠳ᠋ᠤ 《 ᠵᠠᠩᠭᠠᠷ》 ᠲᠡᠬᠢ ᠬᠠᠭᠠᠳ ᠤᠨ ᠴᠠᠳᠢᠭ ᠪᠤᠯᠤᠨ ᠠᠯᠲᠠᠨ ᠴᠡᠭᠡᠵᠢ᠂ ᠦᠵᠦᠩ ᠠᠯᠳᠠᠷ ᠬᠠᠭᠠᠨ᠂ ᠪᠦᠭᠡ ᠮᠦᠩᠬᠦᠨ ᠰᠢᠭ᠍ᠰᠢᠷᠭᠡ᠂ ᠵᠠᠩᠭᠠᠷ᠂ ᠬᠤᠩᠭᠤᠷ ᠵᠡᠷᠭᠡ ᠭᠤᠷᠪᠠᠨ ᠦᠶ ᠠ ᠶᠢᠨ ᠬᠠᠭᠠᠳ ᠪᠠᠭᠠᠲᠤᠷ ᠤᠨ ᠦᠢᠯᠡ ᠶᠠᠪᠤᠳᠠᠯ ᠢ ᠨᠠᠷᠢᠨ ᠵᠠᠳᠠᠯᠬᠤ ᠪᠡᠷ ᠲᠠᠮᠵᠢᠭᠤᠯᠤᠨ᠂ ᠪᠦᠭᠡ ᠮᠦᠩᠾᠦᠨ ᠰᠢᠭ᠍ᠰᠢᠷᠡᠭᠡ ᠵᠠᠩᠭᠠᠷ ᠢ ᠠᠯᠠᠬᠤ ᠪᠡᠷ ᠰᠢᠢᠳᠦᠭᠰᠡᠨ ᠵᠢᠴᠢ ᠡᠴᠦᠰ ᠲᠤ ᠡᠵᠡᠨ ᠰᠢᠷᠬᠢ ᠶᠢᠨ ᠬᠠᠭᠠᠨ ᠲᠦᠷᠦ ᠵᠢ ᠵᠠᠩᠭᠠᠷ ᠲᠤ ᠦᠭᠬᠦ ᠪᠡᠷ ᠰᠢᠯᠲᠠᠭᠠᠨ ᠢ ᠲᠦᠷᠦ ᠬᠦᠷᠦᠨ ᠤ ᠬᠠᠭᠠᠨ ᠡᠷᠭᠡ ᠶᠢᠨ ᠲᠡᠮᠡᠴᠡᠯ ᠤᠨ ᠬᠠᠷᠠᠭᠠᠨ ᠡᠴᠡ ᠲᠤᠳᠤᠷᠠᠭᠤᠯᠤᠨ ᠦᠭᠦᠯᠡᠪᠡ᠃
原文 查看原文
出自 内蒙古大学学报 2022年 第3期

联系我们


内蒙古大学图书馆
呼和浩特市大学西路235号
中国·内蒙古
P: (0471) 4992561
E: huangfeilong@imu.edu.cn