摘要 |
ᠲᠤᠰ ᠦᠭᠦᠯᠡᠯ ᠳ᠋ᠤ ᠰᠣᠶᠤᠯ ᠬᠡᠯᠡ ᠰᠢᠨᠵᠢᠯᠡᠯ ᠤᠨ ᠬᠠᠷᠠᠭᠠᠨ ᠡᠴᠡ ᠮᠣᠩᠭᠤᠯ ᠬᠡᠯᠡᠨ ᠳ᠋ᠡᠬᠢ 《 ᠨᠠᠭᠠᠴᠤ ᠶᠢᠨ ᠰᠢᠷ ᠠ ᠨᠤᠬᠠᠢ ᠠᠷᠭ᠎ᠠ》᠂《 ᠤᠰᠤᠨ ᠤ ᠡᠬᠢ ᠪᠤᠯᠠᠭ᠂ ᠤᠷᠤᠭ ᠤᠨ ᠡᠬᠢ ᠨᠠᠭᠠᠴᠤ》᠂《 ᠬᠠᠲᠤᠨ ᠬᠠᠯᠬᠠᠲᠠᠨ᠂ ᠦᠬᠢᠨ ᠦᠴᠢᠯᠲᠠᠨ》 ᠭᠡᠬᠦ ᠮᠡᠲᠦ ᠶᠢᠨ ᠨᠠᠭᠠᠴᠤ ᠲᠠᠢ ᠬᠤᠯᠪᠤᠭᠳᠠᠭᠰᠠᠨ ᠦᠭᠡ ᠬᠡᠯᠡᠯᠭᠡ ᠵᠢ ᠵᠠᠳᠠᠯᠬᠤ ᠪᠡᠷ ᠲᠠᠮᠵᠢᠭᠤᠯᠵᠤ᠂ ᠡᠳᠡᠭᠡᠷ ᠬᠡᠯᠡᠯᠭᠡ ᠨᠢ ᠨᠡᠢᠲᠡ ᠮᠣᠩᠭᠤᠯᠴᠤᠳ ᠤᠨ ᠡᠬᠡ ᠶᠢᠨ ᠡᠷᠭᠡᠳᠦ ᠶᠤᠰᠤᠨ ᠤ ᠨᠡᠢᠭᠡᠮ ᠤᠨ ᠦᠯᠡᠳᠡᠭᠳᠡᠯ ᠪᠤᠯᠬᠤ ᠨᠠᠭᠠᠴᠤ ᠨᠠᠷ ᠢᠢᠡᠨ ᠲᠦᠢᠯ ᠤᠨ ᠶᠡᠬᠡ ᠪᠡᠷ ᠬᠦᠨᠳᠦᠳᠭᠡᠳᠡᠭ ᠵᠠᠩ ᠵᠠᠩᠰᠢᠯ ᠪᠤᠯᠤᠨ ᠬᠠᠷᠢ ᠤᠪᠤᠭ ᠪᠤᠯᠬᠤ ᠨᠠᠭᠠᠴᠤ ᠨᠠᠷ ᠡᠴᠡ ᠪᠠᠨ ᠦᠬᠢᠨ ᠭᠤᠶᠤᠳᠠᠭ ᠤᠪᠤᠭ ᠤᠨ ᠭᠠᠳᠠᠨ᠎ᠠ ᠤᠷᠤᠭᠯᠠᠬᠤ ᠵᠠᠩ ᠵᠠᠩᠰᠢᠯ ᠲᠠᠢ ᠰᠢᠭᠤᠳ ᠬᠤᠯᠪᠤᠭᠳᠠᠯ ᠲᠠᠢ ᠭᠡᠳᠡᠭ ᠦᠵᠡᠯᠲᠡ ᠵᠢ ᠲᠤᠷᠠᠳᠴᠠᠢ᠃ |