论文信息


题名 ᠤᠳᠤ ᠦᠶ ᠠ ᠶᠢᠨ ᠮᠣᠩᠭᠤᠯ ᠰᠢᠯᠦᠭ ᠬᠢᠭᠡᠳ ᠨᠠᠢᠷᠠᠯ ᠬᠦᠭᠵᠢᠮ ᠤᠨ ᠬᠠᠷᠢᠴᠠᠭ᠎ᠠ
作者 ᠬᠠᠢᠷᠬᠠᠨ
关键词 ᠤᠳᠤ ᠦᠶ ᠠ︔ ᠨᠠᠢᠷᠠᠭᠯᠠᠯ︔ ᠨᠠᠢᠷᠠᠯ ᠬᠦᠭᠵᠢᠮ︔ ᠮᠦᠴᠡᠯᠭᠡ ᠰᠢᠯᠦᠭ︔ ᠬᠤᠯᠪᠤᠭᠳᠠᠯ
摘要 ᠤᠳᠤ ᠦᠶ ᠠ ᠶᠢᠨ ᠮᠣᠩᠭᠤᠯ ᠰᠢᠯᠦᠭ ᠲᠤ ᠨᠠᠢᠷᠠᠯ ᠬᠦᠭᠵᠢᠮ ᠤᠨ ᠪᠦᠲᠦᠴᠡ ᠢᠯᠡᠷᠡᠬᠦᠯᠬᠦ ᠠᠷᠭ᠎ᠠ ᠪᠠ ᠤᠳᠬ ᠠ ᠰᠡᠳᠦᠪ ᠢᠢᠡᠨ ᠬᠦᠨᠵᠡᠭᠡᠢᠢᠷᠡᠬᠦᠯᠬᠦ ᠠᠷᠭ᠎ᠠ ᠵᠢ ᠬᠢᠨᠠᠯᠲᠠ ᠪᠤᠯᠭᠠᠨ ᠨᠠᠢᠷᠠᠭᠯᠠᠯ ᠪᠦᠲᠦᠭᠡᠬᠦ ᠦᠵᠡᠭᠳᠡᠯ《ᠲᠤᠯᠳᠠ ᠶᠢᠨ ᠤᠷᠤᠰᠬᠠᠯ》ᠮᠠᠶᠢᠭ ᠢᠢᠡᠷ ᠤᠷᠤᠰᠢᠭᠰᠠᠭᠠᠷ ᠢᠷᠡᠵᠡᠢ᠃ ᠨᠠ‍᠂ ᠰᠠᠢᠨᠴᠤᠭᠲᠤ ᠶᠢᠨ 《 ᠪᠠᠶᠠᠷ ᠤᠨ ᠲᠠᠭᠤᠯᠠᠯ》᠂ ᠪ᠂ ᠪᠦᠷᠢᠨᠪᠡᠬᠢ ᠶᠢᠨ《 ᠠᠮᠢᠯᠠᠯ ᠤᠨ ᠪᠡᠯᠭᠡᠲᠦ ᠴᠡᠴᠡᠭ》᠂ ᠯ᠂ᠴᠢᠯᠠᠭᠤᠨᠪᠠᠭᠠᠲᠤᠷ ᠤᠨ《ᠪᠸᠲᠤᠹᠸᠨ》᠂《ᠬᠤᠢ ᠶᠢᠨ ᠲᠤᠭᠤᠷ ᠠ》 ᠷ᠂ ᠲᠦᠮᠡᠨ᠋ᠦ᠋ᠯᠵᠡᠢ ᠶᠢᠨ 《ᠭᠠᠯ ᠳ᠋ᠤ ᠬᠦᠯᠳᠡᠭᠰᠡᠨ ᠬᠦᠮᠦᠨ》 《 ᠴᠠᠭᠠᠨ ᠱᠣᠷᠤᠩ》《 ᠵᠠᠭᠤᠨ ᠣᠷᠴᠢᠯ ᠤᠨ ᠰᠢᠮᠹᠤᠨᠢ》᠂ᠳ ᠰᠡᠷᠡᠩᠸᠠᠩᠵᠢᠯ ᠤᠨ《 ᠲᠦᠷᠦᠭᠡᠨ ᠲᠡᠭᠡᠷ ᠠ ᠦᠨᠳᠡᠢᠭᠰᠡᠨ ᠲᠡᠯᠡᠭᠡᠢ》 ᠵᠡᠷᠭᠡ ᠨᠠᠢᠷᠠᠭᠯᠠᠯ ᠨᠢ ᠴᠦᠮ ᠨᠠᠢᠷᠠᠯ ᠬᠦᠭᠵᠢᠮ ᠪᠤᠶᠤ ᠰᠢᠮᠹᠤᠨᠢ ᠮᠠᠶᠢᠭ ᠤᠨ ᠨᠠᠢᠷᠠᠭᠯᠠᠯ ᠪᠦᠭᠡᠳ ᠪᠸᠲ᠋ᠤᠹᠸᠨ᠂ ᠡᠯᠢᠦ᠋ᠲ᠂ ᠮᠠᠶᠠᠺᠦᠰᠺᠢ᠂ ᠬᠦᠸᠸ ᠮᠦᠸᠸ ᠿᠦᠸᠸ᠂ ᠡᠾᠸ ᠵᠢᠩ ᠵᠾᠢ᠂ ᠶᠠᠨ ᠯᠢᠶᠠᠨ ᠨᠠᠷ ᠤᠨ ᠰᠢᠮᠹᠤᠨᠢ-ᠨᠠᠢᠷᠠᠭᠯᠠᠯ ᠲᠠᠢ ᠰᠦᠯᠵᠢᠯᠳᠦᠭᠰᠡᠨ ᠤᠯᠠᠨ ᠬᠠᠷᠢᠴᠠᠭ᠎ᠠ ᠲᠠᠢ ᠪᠠᠢᠵᠤ᠂ ᠨᠠᠢᠷᠠᠯ ᠲᠠᠭᠤᠤ 《 ᠬᠠᠲᠤᠨ ᠭᠤᠤᠯ ᠤᠨ ᠲᠤᠮᠤ ᠨᠠᠢᠷᠠᠯ ᠲᠠᠭᠤᠤ》᠂《ᠮᠠᠷᠭᠠᠰᠢ ᠨᠡᠩ ᠰᠠᠢᠬᠠᠨ ᠪᠤᠯᠤᠨ᠎ᠠ》《 ᠲᠡᠯᠡᠬᠡᠢ ᠳ᠋ᠤ ᠬᠠᠢᠷ ᠠ ᠪᠢᠯᠬᠠᠳᠠᠭ》 ᠵᠡᠷᠭᠡ ᠤᠷᠠᠨ ᠪᠦᠲᠦᠭᠡᠯ ᠲᠠᠢ ᠴᠤ ᠲᠠᠯᠲᠠ ᠶᠢᠨ ᠬᠤᠯᠪᠤᠭᠳᠠᠯ ᠪᠠᠢᠳᠠᠭ ᠢᠭᠦᠨᠵᠡᠭᠡᠢᠢᠷᠡᠬᠦᠯᠦᠨ ᠰᠣᠳᠤᠯᠵᠠᠢ᠃
原文 查看原文
出自 内蒙古大学学报 2022年 第2期

联系我们


内蒙古大学图书馆
呼和浩特市大学西路235号
中国·内蒙古
P: (0471) 4992561
E: huangfeilong@imu.edu.cn