题名 |
ᠤᠮᠠᠷᠠᠲᠤ ᠶᠤᠸᠠᠨ ᠤ《 ᠱᠠᠭᠢᠮᠤᠨᠢ ᠶᠢᠨ ᠠᠷᠪᠠᠨ ᠬᠤᠶᠠᠷ ᠵᠤᠬᠢᠶᠠᠩᠭᠤᠢ》 ᠶᠢᠨ ᠭᠤᠷᠪᠠᠨ ᠵᠦᠢᠯ ᠤᠨ ᠬᠤᠪᠢᠯᠪᠤᠷᠢ ᠡᠬᠡ ᠪᠠ ᠲᠡᠭᠦᠨ ᠤ ᠲᠤᠷᠠᠳᠬᠠᠭᠴᠢ ᠶᠢᠨ ᠲᠤᠬᠠᠢ ᠠᠩᠬᠠᠨ ᠤ ᠰᠢᠨᠵᠢᠯᠡᠭᠡ |
作者 |
ᠪᠤᠷᠵᠢᠬᠢᠨ ᠴᠢᠯᠠᠭᠤ |
关键词 |
《ᠱᠠᠭᠢᠮᠤᠨᠢ ᠶᠢᠨ ᠠᠷᠪᠠᠨ ᠬᠤᠶᠠᠷ ᠵᠤᠬᠢᠶᠠᠩᠭᠤᠢ︔ ᠯᠢᠭᠳᠡᠨ ᠬᠤᠲᠤᠭᠲᠤ ᠬᠠᠭᠠᠨ︔ ᠲᠤᠷᠠᠳᠬᠠᠭᠴᠢ |
摘要 |
ᠲᠡᠦᠬᠡᠨᠠ ᠮᠣᠩᠭᠤᠯ ᠤᠨ ᠬᠡᠯᠡᠨ ᠳ᠋ᠤ ᠤᠷᠴᠢᠭᠤᠯᠤᠭᠰᠠᠨ 《 ᠱᠠᠭᠵᠠᠮᠤᠨᠢ ᠶᠢᠨ ᠨᠠᠮᠲᠠᠷ》 ᠭᠡᠬᠦᠨ ᠵᠦᠢᠯ ᠪᠤᠢ᠃ ᠲᠡᠷᠡ ᠲᠤᠮᠲᠠ ᠪᠠᠨ ᠤᠮᠠᠷᠠᠲᠤ ᠶᠤᠸᠠᠨ ᠤ ᠦᠶ ᠡ ᠶᠢᠨ ᠴᠢᠳ ᠬᠦᠪᠡᠭᠦᠨ ᠤ ᠤᠷᠴᠢᠭᠤᠯᠤᠭᠰᠠᠨ《ᠱᠠᠬᠢᠮᠤᠨᠢ ᠶᠢᠨ ᠠᠷᠪᠠᠨ ᠬᠤᠶᠠᠷ ᠵᠤᠬᠢᠶᠠᠩᠭᠤᠢ》 ᠶᠡᠷᠦ ᠡᠣᠡ ᠡᠷᠲᠡᠮ ᠰᠢᠨᠵᠢᠯᠡᠭᠡᠨ ᠤ ᠡᠷᠭᠢᠯᠲᠡ ᠳ᠋ᠤ ᠤᠷᠤᠭ᠎ᠠ ᠦᠭᠡᠢ ᠶᠣᠮ᠃ ᠲᠤᠰ ᠦᠭᠦᠯᠡᠯ ᠳ᠋ᠤ ᠡᠨᠡ ᠬᠦ 《 ᠱᠠᠬᠢᠮᠤᠨᠢ ᠶᠢᠨ ᠠᠷᠪᠠᠨ ᠬᠤᠶᠠᠷ ᠵᠤᠬᠦᠶᠠᠩᠭᠤᠢ》 ᠶᠢᠨ ᠭᠤᠷᠪᠠᠨ ᠵᠦᠢᠯ ᠤᠨ ᠬᠤᠪᠢᠯᠪᠤᠷᠢ ᠡᠭᠡ ᠶᠢᠨ ᠣᠨᠴᠠᠯᠢᠭ ᠪᠠ ᠤᠯᠠᠮᠵᠢᠯᠠᠯ ᠢ ᠲᠤᠰ ᠪᠦᠷᠢ ᠦᠭᠦᠯᠡᠵᠦ᠂ ᠲᠡᠳᠡᠭᠡᠷ ᠡᠬᠡ ᠨᠣᠭᠦᠳ ᠤᠨ ᠭᠠᠷᠭᠠᠯᠭ᠎ᠠ ᠳ᠋ᠤ ᠲᠤᠷᠠᠳᠤᠭᠰᠠᠨ ᠪᠠᠷᠢᠮᠲᠠ ᠳ᠋ᠤ ᠦᠨᠳᠦᠰᠦᠯᠡᠨ ᠤᠭ ᠰᠣᠳᠤᠷ ᠤᠨ ᠲᠤᠷᠠᠳᠬᠠᠭᠴᠢ ᠪᠤᠯ ᠤᠮᠠᠷᠠᠲᠤ ᠶᠤᠸᠠᠨ ᠤ ᠬᠠᠮᠤᠭ ᠤᠨ ᠰᠡᠭᠦᠯᠴᠢ ᠶᠢᠨ ᠬᠠᠭᠠᠨ ᠯᠢᠭᠳᠡᠨ ᠬᠤᠲᠤᠭᠲᠲᠤ ᠮᠦᠨ ᠭᠡᠬᠦ ᠦᠵᠡᠯᠲᠡ ᠵᠢ ᠲᠡᠪᠰᠢᠬᠦᠯᠪᠡ᠃ ᠯᠢᠭᠲᠡᠨ ᠬᠤᠲᠤᠭᠲᠤ ᠬᠠᠭᠠᠨ ᠲᠦᠪᠡᠳᠦᠭᠡᠷ ᠲᠦᠷᠢ ᠶᠢᠨ ᠲᠠᠯᠠᠢ ᠯᠠᠮᠠ ᠲᠠᠢ《 ᠤᠴᠠᠷᠠᠭᠰᠠᠨ》 ᠪᠦᠭᠡᠳ ᠲᠡᠭᠦᠨ ᠳ᠋ᠤ《ᠲᠢᠤᠰᠢ》 ᠪᠤᠯᠬᠤ ᠶᠢᠨ ᠤᠯᠠᠮ ᠢᠢᠡᠷ ᠤᠭᠰᠣᠳᠤᠷ ᠢ ᠲᠤᠷᠠᠳᠬᠠᠨ ᠤᠷᠴᠢᠭᠴᠯᠴᠭᠰᠠᠨ ᠭᠡᠳᠡᠭ ᠪᠤᠯ ᠮᠣᠩᠭᠤᠯ ᠤᠨ ᠪᠤᠷᠬᠠᠨ ᠤ ᠱᠠᠰᠢᠨ ᠤ ᠲᠡᠦᠭᠡᠨ ᠳ᠋ᠡᠬᠢ ᠨᠢᠭᠡᠨ ᠰᠸᠨᠢᠷᠬᠠᠯᠲᠠᠢ ᠦᠵᠡᠭᠳᠡᠯ ᠪᠤᠯᠬᠤ ᠶᠤᠮ᠃ ᠠᠯᠲᠠᠨ 《 ᠭᠠᠨᠨᠵᠤᠷ》 ᠡᠣᠡ ᠡᠮᠦᠨ᠎ᠠ ᠮᠢᠭᠳᠡᠨ ᠬᠤᠲᠤᠭᠲᠤ ᠬᠠᠭᠠᠨ ᠪᠠᠰᠠ ᠨᠣᠮ ᠰᠣᠳᠤᠷ ᠲᠤᠷᠠᠳᠬᠠᠨ ᠤᠷᠣᠢᠭᠤᠯᠵᠤ ᠪᠠᠢᠭᠰᠠᠨ ᠭᠡᠳᠡᠭ ᠢ ᠡᠨᠡ《 ᠨᠠᠮᠳᠠᠷ》 ᠪᠤᠳᠠᠳᠠᠢ ᠪᠡᠷ ᠬᠠᠷᠠᠭᠤᠯᠵᠤ ᠪᠤᠢ᠃ |
原文 |
查看原文
|
出自 |
内蒙古大学学报
2022年
第2期
|