题名 |
1900 ᠣᠨ ᠳ ᠦᠪᠦᠷ ᠮᠣᠩᠭᠤᠯ ᠤᠨ ᠪᠠᠷᠠᠭᠤᠨ ᠬᠡᠰᠡᠭ ᠦᠨ ᠮᠣᠩᠭᠤᠯ ᠬᠤᠰᠢᠭᠤᠳ ᠬᠠᠷᠢ ᠶᠢᠨ ᠱᠠᠰᠢᠨ ᠢ ᠡᠰᠡᠷᠭᠦᠴᠡᠭᠰᠡᠨ ᠨᠢ |
作者 |
ᠰᠤᠳᠤᠪᠢᠯᠢᠭ᠌ |
关键词 |
ᠦᠪᠦᠷ ᠮᠣᠩᠭᠤᠯ ᠤᠨ ᠪᠠᠷᠠᠭᠤᠨ ᠬᠡᠰᠡᠭ |
摘要 |
ᠡᠨᠡᠬᠦ ᠦᠭᠦᠯᠡᠯ ᠳᠦ ᠂ 1900 ᠣᠨ ᠳᠤ ᠢ ᠾᠧ ᠲᠤᠸᠠᠨ ᠤ ᠬᠦᠳᠡᠯᠭᠡᠭᠡᠨ ᠦ ᠬᠤᠭᠤᠴᠠᠭᠠᠨ ᠳᠤ ᠦᠪᠦᠷ ᠮᠣᠩ᠋ᠭᠤᠯ ᠤᠨ ᠪᠠᠷᠠᠭᠤᠨ ᠬᠡᠰᠡᠭ ᠦᠨ ᠶᠡᠬᠡ ᠵᠤᠤ᠂ ᠤᠯᠠᠭᠠᠨᠴᠠᠪ ᠤᠨ ᠬᠤᠶᠠᠷ ᠴᠢᠭᠤᠯᠭᠠᠨ ᠤ ᠬᠤᠰᠢᠭᠤᠳ ᠵᠢᠴᠢ ᠠᠯᠠᠱᠠᠨ ᠬᠤᠰᠢᠭᠤᠨ ᠳᠤ ᠭᠠᠷᠤᠭᠰᠠᠨ ᠬᠠᠷᠢ ᠶᠢᠨ ᠱᠠᠰᠢᠨ ᠢ ᠡᠰᠡᠷᠭᠦᠴᠡᠭᠰᠡᠨ ᠬᠡᠷᠡᠭ ᠢ ᠦᠭᠦᠯᠡᠵᠡ᠃ ᠮᠣᠩ᠋ᠭᠤᠯ ᠬᠤᠰᠢᠭᠤᠨ ᠤ ᠲᠦᠰᠢᠮᠡᠯ ᠴᠡᠷᠢᠭ ᠪᠤᠯᠤᠨ ᠠᠷᠠᠳ ᠬᠠᠷᠢ ᠶᠢᠨ ᠱᠠᠰᠢᠨ ᠤ ᠰᠦᠮ᠎ᠡ ᠲᠤᠭᠠᠩ ᠢ ᠭᠠᠯᠳᠠᠨ᠂ ᠱᠠᠰᠢᠨ ᠳᠡᠯᠭᠡᠷᠡᠭᠦᠯᠦᠭᠴᠢᠳ ᠪᠡ ᠰᠢᠲᠦᠯᠭᠡᠲᠡᠨ ᠢᠷᠭᠡᠳ ᠢ ᠠᠯᠠᠵᠤ ᠬᠢᠲᠤᠭᠰᠠᠨ ᠶᠠᠪᠤᠳᠠᠯ ᠪᠤᠯ ᠢ ᠾᠧ ᠲᠤᠸᠠᠨ ᠤ ᠬᠦᠳᠡᠯᠭᠡᠭᠡᠨ ᠦ ᠰᠢᠭᠤᠳ ᠨᠦᠯᠦᠭᠡᠯᠡᠯ ᠳᠤᠤᠷ᠎ᠠ ᠡᠭᠦᠰᠦᠭᠰᠡᠨ ᠶᠤᠮ᠃ ᠭᠡᠪᠡᠴᠦ ᠲᠡᠭᠦᠨ ᠦ ᠦᠨᠳᠦᠰᠦ ᠰᠤᠷᠪᠤᠯᠵᠢ ᠪᠤᠯ ᠬᠠᠷᠢ ᠶᠢᠨ ᠱᠠᠰᠢᠨᠲᠠᠳ ᠠᠴᠠ ᠤᠷᠲᠤ ᠬᠤᠭᠤᠴᠠᠭᠠᠨ ᠤ ᠲᠤᠷᠰᠢᠲᠠ ᠮᠣᠩ᠋ᠭᠤᠯ ᠬᠤᠰᠢᠭᠤᠳ ᠤᠨ ᠪᠡᠯᠴᠢᠭᠡᠷ ᠨᠤᠲᠤᠭ ᠢ ᠡᠵᠡᠯᠡᠵᠦ᠂ ᠮᠣᠩ᠋ᠭᠤᠯᠴᠤᠳ ᠢ ᠬᠢᠬᠠᠨ ᠳᠠᠷᠤᠯᠠᠭᠰᠠᠨ ᠳᠤ ᠣᠷᠤᠰᠢᠬᠤ ᠠᠵᠠᠢ᠃ ᠡᠭᠦᠨᠴᠡ ᠭᠠᠳᠠᠨ᠎ᠠ᠂ ᠳᠤᠮᠳᠠᠳᠤ ᠭᠠᠳᠠᠭᠠᠳᠤ ᠶᠢᠨ ᠬᠠᠷᠢᠯᠴᠠᠭ᠎ᠠ ᠡᠪᠳᠡᠷᠡᠵᠦ᠂ ᠴᠢᠩ ᠤᠯᠤᠰ ᠤᠨ ᠬᠠᠭᠠᠨᠲᠤ ᠲᠦᠷᠦ ᠡᠴᠡ ᠭᠠᠳᠠᠭᠠᠳᠤ ᠤᠯᠤᠰ ᠤᠳ ᠲᠤ ᠳᠠᠢ᠌ᠨ ᠵᠠᠷᠯᠠᠭᠰᠠᠨ ᠨᠢ ᠮᠣᠩ᠋ᠭᠤᠯ ᠸᠠᠩ ᠭᠦᠩ ᠨᠠᠷ ᠵᠠᠯᠭᠠᠭᠠᠪᠠᠷ ᠴᠡᠷᠢᠭ ᠮᠤᠷᠢ ᠳᠠᠢ᠌ᠴᠢᠯᠠᠨ ᠬᠠᠷᠢ ᠶᠢᠨ ᠳᠠᠢ᠌ᠰᠤᠨ ᠯᠤᠭ᠎ᠠ ᠲᠤᠤᠯᠳᠤᠬᠤ ᠪᠠᠷ ᠪᠡᠯᠡᠳᠭᠡᠭ᠍ᠰᠡᠨ ᠪᠦᠭᠡᠳ ᠮᠣᠩ᠋ᠭᠤᠯ ᠭᠠᠵᠠᠷ ᠢᠷᠡᠵᠦ ᠱᠠᠰᠢᠨ ᠳᠡᠯᠭᠡᠷᠡᠭᠦᠯᠵᠦ ᠪᠠᠢ᠌ᠭᠰᠠᠨ ᠱᠠᠰᠢᠨ ᠳᠡᠯᠭᠡᠷᠡᠭᠦᠯᠦᠭᠴᠢᠳ ᠢ ᠴᠦ ᠳᠠ᠌ᠰᠤᠨ ᠡᠲᠡᠭᠡᠳ ᠢᠶᠡᠷ ᠦᠵᠡᠵᠦ᠂ ᠦᠯᠳᠡᠨ ᠬᠦᠭᠡᠭᠡᠬᠦ ᠪᠤᠶᠤ ᠠᠠᠵᠤ ᠠᠷᠢᠯᠭᠠᠬᠤ ᠪᠠᠷ ᠵᠤᠷᠢᠭᠰᠠᠨ ᠨᠢ ᠬᠡᠷᠡᠭ ᠶᠠᠪᠤᠳᠠᠯ ᠤᠨ ᠴᠢᠨᠠᠭᠰᠢᠲᠠ ᠬᠦᠭ᠍ᠵᠢᠬᠦ ᠳᠦ ᠬᠦᠴᠦ ᠨᠡᠮᠡᠭᠰᠡᠨ ᠪᠠᠢ᠌ᠵᠠᠢ᠃ |
原文 |
没有原文
|
出自 |
内蒙古大学学报
1998年
第3期
|