题名 |
ᠴᠢᠩ ᠤᠯᠤᠰ ᠤᠨ ᠦᠶ ᠠ ᠶᠢᠨ ᠦᠷ ᠠ ᠲᠠᠰᠤᠷᠠᠭᠰᠠᠨ ᠮᠣᠩᠭᠤᠯ ᠲᠠᠢᠵᠢ ᠲᠠᠪᠤᠨᠠᠩ ᠤᠳ ᠤᠨ ᠵᠡᠷᠭᠡ ᠵᠢ ᠵᠠᠯᠭᠠᠮᠵᠢᠯᠠᠬᠤ ᠲᠦᠷᠢᠮ ᠤᠨ ᠲᠤᠬᠠᠢ ᠰᠢᠨᠵᠢᠯᠡᠬᠦ ᠨᠢ |
作者 |
ᠰᠢᠶᠠᠩ ᠯᠢᠶᠠᠨ |
关键词 |
ᠴᠢᠩ ᠤᠤᠯᠰ; ᠦᠷ ᠠ ᠲᠠᠰᠤᠷᠠᠭᠰᠠᠨ ᠮᠣᠩᠭᠤᠯ ᠲᠠᠢᠵᠢ ᠲᠠᠪᠤᠨᠠᠩ; ᠵᠡᠷᠭᠡ ᠵᠠᠯᠭᠠᠮᠵᠢᠯᠠᠬᠤ ᠲᠦᠷᠢᠮ |
摘要 |
ᠴᠢᠩ ᠤᠤᠯᠰ ᠤᠨ ᠦᠶ ᠠ ᠳ᠋ᠡᠬᠢ ᠦᠷ ᠠ ᠲᠠᠰᠤᠷᠠᠭᠰᠠᠨ ᠲᠠᠢᠵᠢ ᠲᠠᠪᠤᠨᠠᠩ ᠤᠨ ᠵᠡᠷᠭᠡ ᠵᠢ ᠵᠠᠯᠭᠠᠮᠵᠢᠯᠠᠭᠤᠯᠬᠤ ᠲᠦᠷᠢᠮ ᠢ 《 ᠭᠠᠳᠠᠭᠠᠲᠤ ᠮᠣᠩᠭᠤᠯ ᠶᠢᠨ ᠲᠦᠷᠦ ᠵᠢ ᠵᠠᠰᠠᠬᠤ ᠶᠠᠪᠤᠳᠠᠯ ᠤᠨᠶᠠᠮᠤᠨ ᠤ ᠬᠠᠤᠯᠢ ᠵᠦᠢᠯ ᠤᠨ ᠪᠢᠴᠢᠭ》 ᠪᠠ ᠲᠠᠨᠰᠠ ᠪᠢᠴᠢᠭ ᠤᠳ ᠢ ᠠᠰᠢᠭᠯᠠᠵᠤ᠂ ᠮᠣᠩᠭᠤᠯ ᠲᠠᠢᠵᠢ᠂ ᠲᠠᠪᠤᠨᠠᠩ ᠦᠷ ᠠ ᠲᠠᠰᠤᠷᠠᠭᠰᠠᠨ ᠲᠤᠬᠢᠶᠠᠯᠳᠤᠯ ᠳ᠋ᠤ ᠡᠴᠢᠭᠡ ᠶᠢᠨ ᠤᠳᠤᠮ ᠤᠨ ᠲᠦᠷᠦᠯ ᠰᠠᠲᠤᠨ ᠤ ᠲᠤᠳᠤᠷ ᠠ ᠡᠴᠡ ᠰᠤᠩᠭᠤᠬᠤ᠂ ᠪᠤᠰᠤᠳ ᠤᠨ ᠬᠦᠪᠡᠭᠦᠨ ᠢ ᠦᠷᠡᠴᠢᠯᠡᠵᠦ ᠲᠡᠵᠢᠭᠡᠬᠦ ᠪ ᠠᠯᠠᠮ ᠪᠤᠯᠤᠭᠰᠠᠳ ᠬᠡᠷᠬᠢᠨ ᠺᠡᠷᠭᠡ ᠬᠡᠷᠬᠡᠮ ᠵᠠᠯᠭᠠᠮᠵᠢᠯᠬᠤ ᠲᠦᠷᠢᠮ ᠤᠨ ᠲᠤᠬᠠᠢ ᠰᠢᠨᠵᠢᠯᠡᠨ ᠬᠠᠤᠯᠢ ᠵᠦᠢᠯ ᠤᠨ ᠪᠢᠴᠢᠭ ᠲᠡᠬᠢᠵᠢᠱᠢᠶ ᠠ ᠪᠠᠷᠢᠮᠲᠠ ᠡᠴᠡ ᠵᠡᠪᠡᠯ᠂ ᠡᠨᠡ ᠬᠦ ᠲᠦᠷᠢᠮ ᠲᠤᠭᠲᠠᠭᠠᠯ ᠢ ᠤᠢᠷᠳ ᠬᠤᠵᠢᠳ ᠨᠡᠮᠡᠮ ᠵᠠᠰᠠᠪᠤᠷᠢᠯᠡᠬᠤ ᠶᠢᠨ ᠬᠠᠮᠲᠤ ᠵᠡᠷᠭᠡ ᠵᠠᠯᠭᠠᠮᠵᠢᠯᠠᠬᠤ ᠶᠠᠪᠤᠴᠠ ᠨᠢ ᠤᠯᠠᠮ ᠨᠠᠷᠢᠨ ᠪᠤᠳᠤᠯᠢᠶᠠᠨᠲᠠᠢ ᠪᠤᠯᠤᠭᠰᠠᠨ ᠪᠦᠭᠡᠳ ᠵᠡᠷᠭᠡ ᠵᠠᠯᠭᠠᠮᠵᠯᠠᠬᠤ ᠶᠠᠪᠤᠳᠠᠯ ᠳ᠋ᠤ ᠠᠯᠢ ᠤᠯᠠᠨ ᠵᠠᠷᠭᠤ ᠵᠠᠷᠭᠤᠯᠳᠤᠭᠠᠨ ᠡᠭᠦᠰᠴᠦ ᠪᠠᠢᠭᠰᠠᠨ ᠶᠣᠮ᠃ ᠤᠨᠴᠠᠭᠠᠢᠯᠠᠨ ᠯᠠᠮᠠ ᠪᠤᠯᠤᠭᠰᠠᠳ ᠦᠮᠴᠢ ᠬᠤᠪᠢ᠂ᠡᠳ᠋ ᠬᠦᠷᠦᠩᠭᠡ ᠵᠢ ᠨᠢ ᠦᠮᠴᠢᠯᠡᠬᠦ ᠶᠢᠨ ᠲᠦᠯᠦᠭᠡᠵᠠᠷᠡᠭᠤᠯᠳᠤᠭᠠᠨ ᠪᠤᠯᠵᠤ᠂ ᠵᠡᠷᠭᠡ ᠵᠠᠯᠭᠠᠮᠵᠢᠯᠠᠬᠤ ᠶᠠᠪᠤᠳᠠᠯ ᠢ ᠪᠤᠲᠤᠯᠢᠶᠠᠨᠳᠠᠢ ᠪᠤᠯᠭᠠᠭᠰᠠᠨ ᠶᠣᠮ᠃ |
原文 |
查看原文
|
出自 |
中国蒙古学
2022年
第3期
|