摘要 |
ᠲᠤᠰ ᠦᠭᠦᠯᠡᠯ ᠳ᠋ᠤ ᠯᠢᠶᠤᠤᠨᠢᠩ ᠮᠤᠵᠢ ᠶᠢᠨ ᠠᠷᠾᠢᠪ ᠲᠤ ᠬᠠᠳᠠᠭᠠᠯᠠᠭᠳᠠᠵᠤ ᠪᠠᠢᠭ᠎ᠠ ᠰᠣᠳᠤᠯᠭ᠎ᠠ ᠤ ᠡᠷᠬᠢᠯᠲᠡ ᠳ᠋ᠤ ᠤᠷᠤᠭ᠎ᠠ ᠦᠭᠡᠢ 《 ᠲᠡᠭᠢᠷ ᠶᠢᠨ ᠴᠢᠭᠤᠯᠤᠯᠲᠠ ᠮᠤᠵᠢ ᠶᠢᠨ ᠲᠠᠷᠤᠭ᠎ᠠ ᠶᠢᠨ ᠠᠯᠪᠠᠨ ᠵᠠᠬᠢᠷᠭᠠᠨ ᠤ ᠲᠠᠩᠰᠠ ᠡᠪᠬᠡᠮᠡᠯ》 ᠤᠨ ᠨᠢᠭᠡᠨ ᠬᠤᠪᠢ ᠮᠣᠩᠭᠤᠯ ᠬᠢᠲᠠᠳ ᠬᠠᠪᠰᠤᠷᠭᠠᠭᠰᠠᠨ ᠪᠠᠷᠢᠮᠲᠡ ᠳ᠋ᠤ ᠰᠠᠭᠤᠷᠢᠯᠠᠨ᠂ ᠹᠸᠩᠲ᠋ᠢᠶᠠᠨ ᠤ ᠪᠦᠯᠦᠭ ᠤᠨ ᠴᠡᠷᠢᠭ ᠤᠨ ᠡᠷᠭᠡᠲᠡᠨ ᠮᠣᠨᠭᠤᠯ ᠬᠤᠰᠢᠭᠤᠳ ᠤᠨ ᠭᠠᠵᠠᠷ ᠢ ᠬᠠᠭᠠᠯᠪᠤᠷᠢᠯᠠᠬᠤ ᠶᠢᠨ ᠬᠠᠮᠲᠤ ᠦᠷᠡᠵᠢᠯ ᠰᠢᠮ ᠠ ᠲᠠᠢ ᠨᠤᠲᠤᠭ ᠪᠡᠯᠴᠢᠭᠡᠷ ᠢ ᠬᠦᠷᠢᠶᠡᠯᠡᠨ ᠠᠪᠴᠤ᠂ ᠮᠦ ᠶᠠᠩ ᠭᠦᠩᠰᠧ ᠪᠠᠢᠭᠤᠯᠤᠨ ᠮᠣᠩᠭᠤᠯᠴᠤᠳ ᠤᠨ ᠠᠵᠦ ᠠᠮᠢᠳᠤᠷᠠᠯ ᠳ᠋ᠤ ᠬᠠᠯᠳᠠᠭᠰᠠᠨ ᠲᠤᠬᠠᠢ ᠵᠠᠷᠭᠤ ᠵᠠᠭᠠᠯᠳᠤᠭᠠᠨ ᠢ ᠲᠡᠦᠭᠡᠴᠢᠯᠠᠨ ᠰᠢᠨᠵᠢᠯᠡᠵᠦ᠂ ᠤᠯᠠᠮ ᠢᠢᠡᠷ ᠲᠡᠬᠦᠨ ᠤ ᠦᠷ ᠠ ᠨᠦᠯᠦᠭᠡ ᠵᠢ ᠲᠤᠳᠤᠷᠠᠭᠤᠯᠬᠤ ᠵᠢ ᠵᠤᠷᠢᠪᠠ᠃ |