题名 |
ᠲᠤᠮᠳᠠᠳᠤ ᠤᠯᠤᠰ ᠲᠤ ᠬᠢ 《 ᠵᠠᠩᠭᠠᠷ》 ᠤᠨ ᠴᠡᠬᠢᠮ ᠰᠠᠩ ᠤᠨ ᠴᠣᠭᠴᠠᠯᠠᠯᠲᠠ ᠶᠢᠨ ᠲᠤᠬᠠᠢ ᠰᠦᠪᠡᠭᠴᠢᠯᠠᠯ |
作者 |
ᠵᠢᠷᠭᠠᠯᠲᠤ;ᠬᠠᠰᠠᠭᠤᠯᠠ; ᠪᠤ᠂ ᠮᠦᠩᠬᠡ |
关键词 |
ᠲᠤᠮᠳᠠᠳᠤ ᠤᠯᠤᠰ ᠲᠤ ᠬᠢ 《 ᠵᠠᠩᠭᠠᠷ》; ᠴᠡᠬᠢᠮ ᠰᠠᠩ; ᠴᠣᠭᠴᠠᠯᠠᠯᠲᠠ |
摘要 |
ᠴᠡᠬᠢᠮ ᠰᠠᠩ ᠪᠤᠯ ᠰᠤᠷᠠᠭ ᠵᠠᠩᠬᠢ ᠶᠢᠨ ᠰᠦᠯᠵᠢᠶᠠᠨ ᠤ ᠴᠢᠬᠤᠯᠠ ᠪᠦᠷᠢᠯᠳᠦᠬᠦᠨ ᠬᠡᠰᠡᠭ ᠪᠦᠭᠡᠳ ᠡᠬᠢ ᠪᠠᠶᠠᠯᠢᠭ ᠢ ᠬᠠᠮᠲᠤ ᠪᠡᠷ ᠡᠳ᠋ᠯᠡᠵᠦ ᠠᠰᠢᠭᠯᠠᠬᠤ ᠳ᠋ᠤ ᠪᠤᠳᠠᠰ ᠤᠨ ᠰᠠᠭᠤᠷᠢ ᠨᠢ ᠪᠤᠯᠳᠠᠭ᠃ ᠤᠯᠤᠰ ᠤᠨ ᠲᠡᠰ ᠤᠨ ᠪᠤᠳᠠᠰ ᠤᠨ ᠪᠤᠰᠣ ᠰᠣᠶᠣᠯ ᠤᠨ ᠦᠪ ᠪᠤᠯᠬᠤ 《 ᠵᠠᠩᠭᠠᠷ》 ᠤᠨ ᠲᠤᠤᠯᠢ ᠵᠢ ᠲᠤᠭᠠᠵᠢᠭᠤᠯᠵᠤ᠂ ᠴᠡᠬᠢᠨ ᠰᠠᠩ ᠪᠠᠢᠭᠤᠯᠬᠤ ᠨᠢ ᠲᠡᠬᠦᠨ ᠤ ᠤᠯᠠᠮᠵᠢᠯᠠᠵᠤ ᠲᠡᠯᠭᠡᠷᠡᠬᠦᠯᠬᠦ᠂ ᠠᠪᠤᠷᠠᠵᠦ ᠬᠠᠮᠠᠭᠠᠯᠬᠤ ᠪᠤᠯᠤᠨ ᠡᠬᠢ ᠪᠠᠶᠠᠯᠢᠭ ᠢ ᠬᠠᠮᠲᠤ ᠪᠡᠷ ᠡᠳ᠋ᠯᠡᠵᠦ ᠠᠰᠢᠭᠯᠠᠬᠤ ᠳ᠋ᠤ ᠠᠴᠢ ᠬᠤᠯᠪᠤᠭᠳᠠᠯ ᠲᠡᠢ᠃ ᠲᠤᠰ ᠦᠭᠦᠯᠡᠯ ᠳ᠋ᠤ ᠲᠤᠮᠳᠠᠳᠤ ᠤᠯᠤᠰ ᠲᠤ ᠬᠢ 《ᠵᠠᠩᠭᠠᠷ》 ᠤᠨ ᠴᠡᠬᠢᠮ ᠰᠠᠩ ᠤ ᠴᠣᠭᠴᠠᠯᠠᠵᠤᠪᠠᠢᠭᠤᠯᠤᠭᠰᠠᠨ ᠠᠷᠭ᠎ᠠ ᠪ ᠠᠶᠠᠪᠤᠴᠠ ᠶᠢᠨ ᠲᠤᠬᠠᠢ ᠶᠠᠭᠤᠨ ᠤ ᠤᠷᠢᠳ ᠡᠭᠡ ᠮᠠᠲ᠋ᠸᠷᠢᠶᠠᠯ ᠢ ᠴᠤᠭᠯᠠᠭᠤᠯᠵᠤ ᠡᠮᠬᠢᠳᠭᠡᠭᠰᠡᠨ ᠪᠠᠢᠳᠠᠯ ᠪᠤᠯᠤᠨ ᠵᠠᠷᠴᠢᠮ ᠢ ᠲᠤᠰᠢᠶᠠᠵᠦ᠂ ᠲᠠᠷᠠᠭ᠎ᠠ ᠨᠢ 《 ᠵᠠᠩᠭᠠᠷ》 ᠤᠨ ᠪᠦᠯᠦᠭ ᠤᠨ ᠶᠡᠷᠦᠩᠬᠡ ᠭᠠᠷᠴᠠᠭ ᠤᠨ ᠬᠦᠮᠦᠷᠭᠡ᠂ 《 ᠵᠠᠩᠭᠠᠷ》 ᠤᠨ ᠮᠠᠲ᠋ᠸᠷᠢᠶᠠᠯ ᠢ ᠬᠠᠳᠠᠭᠠᠯᠵᠤ ᠬᠠᠮᠢᠶᠠᠷᠬᠤ ᠬᠦᠬᠦᠷᠭᠡ᠂ ᠵᠠᠩᠭᠠᠷᠴᠢ ᠶᠢᠨ ᠨᠠᠮᠲᠠᠷ ᠲᠡᠦᠭᠡ ᠶᠢᠨ ᠬᠦᠮᠦᠷᠭᠡ ᠵᠡᠷᠭᠡ ᠲᠠᠯ ᠠ ᠡᠴᠡ ᠴᠡᠬᠢᠮ ᠰᠠᠩ ᠤᠨ ᠪᠦᠲᠦᠴᠡ ᠵᠢ ᠲᠠᠨᠢᠯᠴᠠᠭᠤᠯᠬᠤ ᠶᠢᠨ ᠲᠠᠭᠤ ᠴᠡᠬᠢᠮᠨ ᠰᠠᠩ ᠤᠨ ᠰᠢᠨᠡᠯᠢᠭ ᠲᠠᠯ ᠠ᠃ ᠦᠢᠯᠡᠳᠦᠯ ᠬᠡᠷᠡᠭᠴᠡᠭᠡ ᠵᠢ ᠦᠭᠦᠯᠡᠵᠦ᠂ ᠬᠠᠮᠤᠭ ᠤᠨ ᠰᠡᠬᠦᠯ ᠳ᠋ᠤ ᠴᠡᠬᠢᠮ ᠰᠠᠩ ᠤᠨ ᠫᠷᠣᠭᠷᠡᠮ ᠤᠨ ᠴᠢᠳᠠᠮᠵᠢ ᠶᠢᠨ ᠪᠡᠶᠡᠯᠡᠬᠦᠯᠦᠯ ᠳᠡ ᠶᠢᠨ ᠲᠠᠯ ᠠ ᠪᠡᠷ ᠰᠢᠨᠵᠢᠯᠡᠵᠦ ᠦᠭᠦᠯᠡᠭᠰᠡᠨ ᠪᠠᠢᠨ᠎ᠠ᠃ |
原文 |
没有原文
|
出自 |
内蒙古大学学报
2021年
第1期
|