题名 |
《 ᠪᠠᠭᠤᠮᠠᠯ》 ᠤᠨ ᠤᠳᠬ ᠠ ᠤᠴᠢᠷ ᠤᠨ ᠲᠤᠬᠠᠢ ᠶᠠᠷᠢᠯᠴᠠᠬᠤ ᠨᠢ |
作者 |
ᠬᠠᠰᠤᠨᠲᠤᠶᠠᠭ᠎ᠠ; ᠮᠧᠩ ᠵᠢᠨ ᠪᠤᠤ |
关键词 |
ᠪᠦᠭᠡ; ᠲᠡᠭᠡᠳᠦ ᠲᠡᠭᠷᠢ; ᠪᠠᠭᠤᠮᠠᠯ; ᠤᠳᠬ ᠠ ᠤᠴᠢᠷ |
摘要 |
ᠬᠤᠷᠴᠢᠨ ᠪᠦᠭᠡ ᠶᠢᠨ ᠭᠡᠭᠡᠷ ᠠ ᠶᠢᠨ ᠪᠠᠢᠴᠠᠭᠠᠯᠲᠠ ᠶᠢᠨ ᠮᠠᠲ᠋ᠸᠷᠢᠶᠠᠯ ᠳ᠋ᠤ ᠲᠦᠰᠢᠵᠦ 《 ᠪᠠᠭᠤᠮᠠᠯ》 ᠤᠨ ᠤᠭ ᠤᠳᠬ ᠠ ᠤᠴᠢᠷ ᠤᠨ ᠲᠤᠬᠠᠢ ᠵᠠᠷᠢᠮᠳᠤᠭ ᠰᠡᠷᠬᠦᠯ ᠬᠢᠪᠠ᠃ ᠪᠠᠭᠤᠮᠠᠯ ᠪᠤᠯ ᠪᠦᠭᠡ ᠶᠢᠨ ᠱᠠᠰᠢᠨ ᠤ ᠲᠡᠭᠡᠳᠦ ᠲᠡᠭᠷᠢ ᠰᠢᠲᠦᠭᠡᠨ ᠤ ᠭᠠᠵᠠᠷ ᠶᠢᠷᠲᠢᠨᠴᠦ ᠳ᠋ᠤ ᠬᠢ ᠴᠢᠬᠤᠯᠠ ᠨᠢᠭᠡᠨ ᠢᠯᠡᠷᠡᠬᠦ ᠬᠡᠯᠪᠡᠷᠢ ᠪᠤᠯᠤᠨ᠎ᠠ᠃ᠪᠠᠭᠤᠮᠠᠯ ᠪᠤᠯ ᠲᠡᠭᠡᠲᠦ ᠲᠡᠭᠷᠢ ᠶᠢᠨ ᠤᠯᠠᠭᠠᠴᠢ 《 ᠬᠦᠯᠦᠭ》 ᠪᠦᠭᠡᠳ《 ᠪᠠᠢᠷᠢ》 ᠳ᠋ᠤ ᠰᠠᠭᠠᠳᠠᠳᠠᠭ ᠣᠩᠭᠤᠳ ᠤᠨ ᠲᠡᠭᠡᠳᠦ ᠰᠢᠲᠦᠭᠡᠨ ᠪᠤᠯᠤᠨ᠎ᠠ᠃ ᠪᠠᠭᠤᠮᠠᠯ ᠳ᠋ᠤ ᠰᠢᠳᠭᠡᠯ ᠬᠦᠯᠢᠶᠡᠵᠦ ᠶᠠᠯᠠᠳᠠᠭᠳᠠᠵᠤ ᠪᠠᠭᠤᠬᠤ᠂ ᠡᠭᠦᠷᠭᠡ ᠬᠦᠯᠢᠶᠠᠵᠤ ᠲᠤᠮᠢᠯᠠᠭᠳᠠᠵᠤ ᠪᠠᠭᠤᠬᠤ ᠮᠡᠲᠦ ᠬᠡᠯᠪᠡᠷᠢ ᠲᠠᠢ ᠪᠠᠢᠳᠠᠭ᠃ ᠪᠠᠭᠤᠮᠠᠯ ᠨᠢ 《 ᠵᠠᠬ ᠠ ᠦᠭᠡᠢ ᠤᠭᠲᠠᠷᠭᠤᠢ》᠂《 ᠤᠭᠤᠰᠤᠷ ᠪᠦᠰᠡ ᠦᠭᠡᠢ ᠣᠷᠴᠢᠯᠠᠩ》 ᠤᠨ ᠤᠯᠠᠨ ᠲᠡᠭᠲᠡᠷ ᠤᠨ ᠡᠯ ᠠ ᠲᠡᠭᠡᠳᠦ ᠲᠡᠭᠷᠢ 《 ᠪᠠᠢᠷᠢ》 ᠡᠴᠡ ᠭᠠᠵᠠᠷ ᠶᠢᠷᠲᠢᠨᠴᠦ ᠳ᠋ᠤ ᠬᠢ ᠪᠠᠭᠤᠭᠰᠠᠨ ᠪᠦᠭᠡᠳ ᠤᠯᠠᠨ ᠠᠢᠮᠠᠭ ᠲᠦᠷᠦᠯ ᠳ᠋ᠤ ᠬᠤᠪᠢᠶᠠᠭᠳᠠᠵᠤ ᠪᠤᠯᠳᠠᠭ ᠪᠠᠢᠨ᠎ᠠ᠃ ᠪᠠᠭᠤᠮᠠᠯ ᠳ᠋ᠤ ᠭᠠᠵᠠᠷ ᠶᠢᠷᠲᠢᠨᠴᠦ ᠲᠡᠭᠡᠷ ᠠ ᠲᠤᠭᠲᠠᠮᠠᠯ ᠰᠠᠭᠠᠲᠠᠬᠤ《 ᠪᠠᠢᠷᠢ》ᠲᠠᠢ ᠠᠪᠠᠢᠳᠠᠭ ᠪᠦᠭᠡᠳ ᠲᠠᠩᠭᠠᠷᠢᠭᠲᠤ ᠪᠦᠭᠡ ᠬᠦᠮᠦᠨ ᠤ ᠦᠶ ᠠ ᠦᠶ ᠠ ᠶᠢᠨ ᠬᠢ ᠨᠢ ᠲᠠᠬᠢᠯᠭ᠎ᠠ ᠶᠢᠨ ᠭᠤᠤᠯ ᠨᠢᠭᠡᠨ ᠰᠢᠳᠦᠭᠡᠨ ᠪᠤᠯᠵᠤ ᠬᠡᠪᠰᠢᠭᠰᠡᠨ ᠪᠠᠢᠵᠠᠢ᠃ |
原文 |
查看原文
|
出自 |
内蒙古大学学报
2019年
第5期
|