摘要 |
ᠲᠤᠰ ᠦᠭᠦᠯᠡᠯ ᠳ᠋ᠤ᠂ ᠤᠯᠤᠰ ᠤᠨ ᠲᠤᠳᠤᠭᠠᠲᠤ ᠭᠠᠳᠠᠭᠠᠲᠤ ᠳ᠋ᠤ ᠢᠯᠡ ᠪᠡᠷ ᠨᠡᠢᠲᠡᠯᠡᠭᠳᠡᠭᠰᠡᠨ ᠵᠠᠩᠭᠠᠷᠴᠢ ᠠᠷᠢᠮᠫᠢᠯ ᠤᠨ《 ᠵᠠᠩᠭᠠᠷ》 ᠤᠨ ᠲᠸᠺᠰᠲ ᠤᠳ ᠢ ᠪᠦᠯᠦᠭ ᠤᠨ ᠪᠦᠷᠢᠳᠭᠡᠯ ᠪᠠ ᠮᠠᠭᠲᠠᠭᠠᠯ ᠤᠨ ᠪᠦᠷᠢᠳᠭᠡᠯ ᠭᠡᠬᠦ ᠬᠤᠶᠠᠷ ᠲᠠᠯ ᠠ ᠡᠴᠡ ᠰᠢᠨᠵᠢᠯᠡᠬᠦ ᠪᠡᠷ ᠲᠠᠮᠵᠢᠭᠤᠯᠵᠤ᠂ ᠵᠠᠩᠭᠠᠷᠴᠢ ᠠᠷᠢᠮᠫᠢᠯ ᠨᠢ 20ᠳ᠋ᠤᠭᠠᠷ ᠵᠠᠭᠤᠨ ᠤ ᠲᠤᠮᠳᠠᠳᠤ᠂ ᠮᠣᠩᠭᠤᠯ᠂ ᠤᠷᠤᠰ ᠭᠤᠷᠪᠠᠨ ᠤᠯᠤᠰ ᠤᠨ ᠪᠢᠴᠢᠭ ᠮᠡᠳᠡᠬᠦ ᠦᠭᠡᠢ ᠴᠡᠭᠡᠵᠢ ᠪᠡᠷ ᠬᠠᠢᠯᠠᠳᠠᠭ ᠵᠠᠩᠭᠠᠷᠴᠢ ᠨᠠᠷ ᠤᠨ ᠲᠤᠳᠤᠷ ᠠ ᠡᠴᠡ ᠬᠠᠮᠤᠭ ᠤᠨ ᠤᠯᠠᠨ ᠪᠦᠯᠦᠭ ᠬᠠᠢᠯᠠᠭᠰᠠᠨ ᠵᠠᠩᠭᠠᠷᠴᠢ ᠪᠤᠯᠬᠤ ᠵᠢ ᠲᠤᠳᠤᠷᠠᠭᠤᠯᠬᠤ ᠶᠢᠨ ᠵᠡᠷᠭᠡᠴᠡᠭᠡ ᠪᠡᠷ ᠲᠡᠭᠦᠨ ᠤ ᠬᠠᠢᠯᠠᠭᠰᠠᠨ《 ᠵᠠᠩᠭᠠᠷ》 ᠨᠢ ᠤᠷᠤᠰ ᠤᠨ ᠬᠤᠯᠪᠤᠭᠠᠨ ᠤ ᠬᠠᠯᠢᠮᠠᠭ ᠤᠯᠤᠰ᠂ ᠮᠣᠩᠭᠤᠯ ᠤᠯᠤᠰ ᠵᠢᠴᠢ ᠲᠤᠮᠳᠠᠳᠤ ᠤᠯᠤᠰ ᠤᠨ ᠮᠣᠩᠭᠤᠯ ᠪᠤᠶᠤ ᠲᠦᠷᠦᠭ ᠲᠦᠷᠦᠯ ᠬᠡᠯᠡᠲᠦ ᠵᠠᠩᠭᠠᠷᠴᠢᠳ ᠤᠨ ᠬᠠᠢᠯᠠᠯᠠᠭᠠ ᠲᠠᠢ ᠢᠵᠢᠯᠢᠰᠢᠵᠦ ᠪᠠᠢᠬᠤ ᠡᠴᠡ ᠦᠵᠡᠪᠡᠯ ᠲᠡᠬᠦᠡᠨ ᠤ ᠨᠦᠭᠡᠴᠡ ᠳ᠋ᠤ ᠠᠯᠤᠰ ᠡᠷᠲᠡᠨ ᠤ ᠠᠮᠠᠨ ᠤᠯᠠᠮᠵᠢᠯᠠᠯ ᠤᠨ ᠰᠤᠷᠠᠭ ᠵᠠᠩᠬᠢ ᠨᠢᠭᠤᠭᠲᠠᠵᠤ ᠪᠠᠢᠬᠤ ᠵᠢ ᠲᠤᠳᠤᠷᠠᠭᠤᠯᠪᠠ᠃ |