摘要 |
ᠲᠦᠷᠦᠯ ᠦᠭᠡ ᠪᠤᠯ ᠬᠡᠯᠡ ᠪᠦᠬᠦᠨ ᠳ᠋ᠤ ᠪᠠᠢᠳᠠᠭ ᠦᠭᠡᠰ ᠤᠨ ᠰᠠᠩ ᠢᠢᠡᠨ ᠪᠠᠶᠠᠯᠢᠭᠵᠢᠭᠤᠯᠬᠤ ᠴᠢᠬᠤᠯᠠ ᠠᠷᠭ᠎ᠠ ᠵᠠᠮ ᠮᠦᠨ᠃ ᠠᠪᠢᠶ ᠠ ᠰᠡᠯᠭᠦᠴᠴᠡᠬᠦ ᠠᠷᠭ᠎ᠠ᠂ ᠲᠠᠭᠠᠪᠤᠷᠢ ᠵᠠᠯᠭᠠᠬᠤ ᠠᠷᠭ᠎ᠠ ᠪᠠ ᠦᠭᠡ ᠬᠤᠷᠢᠬᠤ ᠠᠷᠭ᠎ᠠ ᠪᠤᠯ ᠮᠣᠩᠭᠤᠯ ᠬᠡᠯᠡᠨ ᠤ ᠲᠦᠷᠦᠯ ᠦᠭᠡᠪᠦᠲᠦᠭᠡᠬᠦ ᠭᠤᠤᠯ ᠠᠷᠭ᠎ᠠ ᠪᠠᠷᠢᠯ ᠮᠦᠨ᠃ ᠲᠦᠷᠦᠯ ᠦᠭᠡ ᠵᠢ ᠲᠤᠳᠤᠷ ᠠ ᠨᠢ ᠪᠠᠰᠠ ᠠᠳᠠᠯᠢ ᠪᠤᠰᠤ ᠬᠦᠷᠢᠶ ᠠ ᠴᠠᠷᠠᠭᠠᠨ ᠳ᠋ᠤ᠂ ᠠᠳᠠᠯᠢ ᠪᠤᠰᠤ ᠬᠠᠷᠭᠠᠰᠤ ᠡᠴᠡ ᠢᠪᠴᠤᠤ ᠤᠳᠬ ᠠ ᠶᠢᠨ ᠪᠠ ᠦᠷᠭᠡᠨ ᠤᠳᠬ ᠠ ᠶᠢᠨ ᠭᠡᠵᠦ ᠬᠤᠶᠠᠷ ᠠᠩᠬᠢᠯᠠᠬᠤ ᠪᠤᠯᠤᠨ᠎ᠠ᠃ ᠮᠣᠩᠭᠤᠯ ᠬᠡᠯᠡᠨ ᠤ ᠲᠦᠷᠦᠯ ᠦᠭᠡ ᠪᠤᠯ ᠮᠣᠩᠭᠤᠯ ᠬᠡᠯᠡᠨ ᠤ ᠬᠦᠭᠵᠢᠯ ᠤᠨ ᠠᠳᠠᠯᠢ ᠪᠤᠰᠤ ᠱᠠᠲᠤᠨ ᠳ᠋ᠤ ᠦᠪᠡᠷ ᠤᠨ ᠣᠨᠴᠠᠯᠢᠭ ᠲᠤ ᠪᠠᠨ ᠲᠤᠬᠢᠷᠠᠭᠰᠠᠨ ᠦᠭᠡ ᠪᠦᠲᠦᠭᠡᠬᠦ ᠠᠷᠭ᠎ᠠ ᠳ᠋ᠤ ᠲᠤᠯᠳᠤᠢᠳᠴᠤ ᠡᠭᠦᠰᠦᠭᠰᠡᠨ ᠬᠡᠯᠡᠨ ᠤ ᠬᠦᠭᠵᠢᠯᠲᠡ ᠶᠢᠨ ᠪᠦᠲᠦᠭᠡᠭᠳᠡᠬᠦᠨ ᠮᠦᠨ ᠭᠡᠬᠦ ᠦᠵᠡᠯᠲᠡ ᠵᠢ ᠲᠡᠪᠰᠢᠭᠦᠯᠡᠵᠡᠢ᠃ |