论文信息


题名 ᠬᠠᠭᠤᠷᠮᠠᠭ ᠮᠣᠩᠭᠣᠯ ᠤᠨ ᠬᠢᠵᠠᠭᠠᠷ ᠤᠨ ᠵᠠᠰᠠᠭ ᠤᠨ ᠰᠤᠷᠭᠠᠨ ᠬᠦᠮᠦᠵᠢᠯ ᠦᠨ ᠴᠢᠭᠯᠡᠯᠲᠡ ᠪᠤᠳᠤᠯᠭ᠎ᠠ ᠶᠢᠨ ᠲᠤᠬᠠᠢ
作者 ᠠᠯᠳᠠᠨᠳᠠᠯᠠᠢ; ᠶᠤᠤ ᠵᠢᠨ ᠹᠧᠩ
关键词 ᠶᠠᠫᠤᠨ; ᠮᠣᠩᠭᠣᠯ ᠤᠨ ᠬᠢᠵᠠᠭᠠᠷ; ᠰᠤᠷᠭᠠᠨ ᠬᠦᠮᠦᠵᠢᠯ ᠦᠨ ᠴᠢᠭᠯᠡᠯᠲᠡ; ᠰᠤᠷᠭᠠᠨ ᠬᠦᠮᠦᠵᠢᠯ ᠦᠨ ᠪᠤᠳᠤᠯᠭ᠎ᠠ
摘要 1937 ᠤᠨ ᠤ 《7 ᠰᠠᠷ᠎ᠠ ᠶᠢᠨ 7᠋ ᠤ ᠬᠡᠷᠡᠭ ᠬᠤᠪᠢᠰᠤᠯ》᠋ ᠤᠨ ᠳᠠᠷᠠᠭ᠎ᠠ ᠦᠪᠦᠷ ᠮᠣᠩᠭᠣᠯ ᠤᠨ ᠪᠠᠷᠠᠭᠤᠨ ᠤᠷᠤᠨ ᠤ ᠶᠡᠬᠡᠩᠬᠢ ᠬᠡᠰᠡᠭ ᠭᠠᠵᠠᠷ ᠶᠠᠫᠤᠨ ᠤ ᠺᠤᠯᠤᠨᠢ ᠤᠷᠤᠨ ᠪᠤᠯᠵᠠᠢ᠃ ᠶᠠᠫᠤᠨ ᠤ ᠺᠤᠯᠤᠨᠢᠴᠢᠯᠠᠭᠴᠢᠳ ᠲᠡᠳᠡᠨ ᠦ ᠲᠡᠦᠭᠦᠨ ᠪᠠᠶᠢᠭᠤᠯᠤᠭᠰᠠᠨ ᠬᠠᠭᠤᠷᠮᠠᠭ ᠮᠣᠩᠭᠣᠯ ᠤᠨ ᠬᠢᠵᠠᠭᠠᠷ ᠤᠨ ᠵᠠᠰᠠᠭ ᠢᠶᠠᠷ ᠳᠠᠮᠵᠢᠨ ᠨᠤᠶᠠᠷᠬᠠᠯ ᠤᠨ ᠤᠷᠤᠨ ᠳᠠᠭᠠᠨ ᠠᠯᠬᠤᠮ ᠠᠯᠬᠤᠮ ᠢᠶᠠᠷ ᠺᠤᠯᠤᠨᠢ ᠤᠷᠤᠨ ᠤ ᠰᠤᠷᠭᠠᠨ ᠬᠦᠮᠦᠵᠢᠯ ᠦᠨ ᠰᠢᠰᠲ᠋ᠧᠮ ᠢ ᠪᠠᠶᠢᠭᠤᠯᠵᠤ᠂ ᠲᠡᠭᠦᠨ ᠲᠡᠢ ᠪᠡᠨ ᠲᠤᠬᠢᠷᠠᠯᠴᠠᠭᠰᠠᠨ ᠺᠤᠯᠤᠨᠢᠴᠢᠯᠠᠯ ᠤᠨ ᠰᠤᠷᠭᠠᠨ ᠬᠦᠮᠦᠵᠢᠯ ᠦᠨ ᠴᠢᠭᠯᠡᠯᠲᠡ ᠪᠡ ᠪᠤᠳᠤᠯᠭ᠎ᠠ ᠶᠢ ᠲᠤᠭᠲᠠᠭᠠᠨ᠂ 《ᠪᠠᠭᠤᠯᠴᠢᠯᠠᠬᠤ》᠂ 《ᠬᠠᠭᠠᠴᠠᠭᠤᠯᠬᠤ》ᠬᠦᠮᠦᠵᠢᠯ ᠢ ᠬᠡᠷᠡᠭᠵᠢᠭᠦᠯᠵᠡᠢ᠃ ᠡᠨᠡ ᠬᠦ ᠺᠤᠯᠤᠨᠢᠴᠢᠯᠠᠯ ᠤᠤᠨ ᠰᠤᠷᠭᠠᠨ ᠬᠦᠮᠦᠵᠢᠯ ᠦᠨ ᠴᠢᠭᠯᠡᠯᠲᠡ ᠨᠢ 《ᠶᠠᠫᠤᠨ ᠢ ᠲᠤᠳᠤᠨᠤᠴᠢᠯᠠᠬᠤ》᠂ 《ᠡᠪ ᠬᠠᠮᠲᠤ ᠨᠠᠮ ᠢ ᠰᠡᠷᠭᠡᠶᠢᠯᠡᠬᠦ》᠂ 《ᠦᠨᠳᠦᠰᠦᠲᠡᠨ ᠪᠦᠬᠦᠳᠡᠭᠡᠷ ᠨᠠᠶᠢᠷᠠᠯᠳᠤᠬᠤ》ᠵᠡᠷᠭᠡ ᠠᠭᠤᠯᠭ᠎ᠠ ᠶᠢ ᠪᠠᠭᠲᠠᠭᠠᠵᠤ᠂ ᠪᠤᠳᠠᠲᠠᠢ ᠪᠤᠳᠤᠯᠭ᠎ᠠ ᠨᠢ 《ᠪᠤᠭᠤᠯᠴᠢᠯᠠᠬᠤ》᠂ 《ᠬᠠᠭᠠᠴᠠᠭᠤᠯᠬᠤ》ᠰᠤᠷᠭᠠᠨ ᠬᠦᠮᠦᠵᠢᠯ ᠢ ᠬᠡᠷᠡᠭᠵᠢᠭᠦᠯᠬᠦ᠂ ᠶᠠᠫᠤᠨ ᠬᠡᠯᠡᠨ ᠦ ᠬᠦᠮᠦᠵᠢᠯ ᠢ ᠴᠢᠬᠤᠯᠠᠴᠢᠯᠠᠬᠤ᠂ ᠠᠩᠬ᠎ᠠ ᠵᠡᠷᠭᠡ ᠶᠢᠨ ᠰᠤᠷᠭᠠᠨ ᠬᠦᠮᠦᠵᠢᠯ ᠪᠡ ᠤᠷ᠎ᠠ ᠴᠢᠳᠠᠪᠤᠷᠢ ᠶᠢᠨ ᠰᠤᠷᠭᠠᠨ ᠬᠦᠮᠦᠵᠢᠯ ᠢ ᠴᠢᠬᠤᠯᠠᠴᠢᠯᠠᠬᠤ ᠵᠡᠷᠭᠡ ᠶᠢ ᠪᠠᠭᠲᠠᠭᠠᠵᠠᠢ᠃ ᠬᠠᠭᠤᠷᠮᠠᠭ ᠮᠣᠩᠭᠣᠯ ᠤᠨ ᠬᠢᠵᠠᠭᠠᠷ ᠤᠨ ᠵᠠᠰᠠᠭ ᠤᠨ ᠰᠤᠷᠭᠠᠨ ᠬᠦᠮᠦᠵᠢᠯ ᠦᠨ ᠴᠢᠭᠯᠡᠯᠲᠡ ᠪᠤᠳᠤᠯᠭ᠎ᠠ ᠨᠢ ᠦᠪᠦᠷ ᠮᠣᠩᠭᠣᠯ ᠤᠨ ᠪᠠᠷᠠᠭᠤᠨ ᠤᠷᠤᠨ ᠳᠠᠬᠢ ᠶᠠᠫᠤᠨ ᠤ ᠺᠤᠯᠤᠨᠢᠴᠢᠯᠠᠯ ᠤᠨ ᠰᠤᠷᠭᠠᠨ ᠬᠦᠮᠦᠵᠢᠯ ᠦᠨ ᠬᠠᠮᠤᠭ ᠪᠤᠳᠠᠲᠠᠢ ᠢᠯᠡᠷᠡᠯ ᠳᠤᠰᠬᠠᠯ ᠪᠤᠯᠵᠠᠢ᠃
原文 查看原文
出自 内蒙古社会科学(蒙文版) 2006年 第5期

联系我们


内蒙古大学图书馆
呼和浩特市大学西路235号
中国·内蒙古
P: (0471) 4992561
E: huangfeilong@imu.edu.cn