题名 |
ᠬᠤᠭᠤᠷ ᠤᠨ ᠦᠯᠢᠭᠡᠷ ᠦᠨ ᠤᠯᠠᠮᠵᠢᠯᠠᠭ᠎ᠠ ᠶᠢᠨ ᠵᠠᠭᠤᠴᠢ ᠶᠢᠨ ᠲᠦᠷᠦᠯ ᠬᠡᠯᠪᠡᠷᠢ ᠶᠢ ᠰᠢᠨᠵᠢᠯᠡᠬᠦ ᠨᠢ |
作者 |
ᠦ · ᠡᠷᠬᠢᠮᠪᠠᠶᠠᠷ |
关键词 |
ᠬᠤᠭᠤᠷ ᠤᠨ ᠦᠯᠢᠭᠡᠷ; ᠦᠭᠡ ᠬᠡᠯᠡᠨ ᠦ ᠵᠠᠭᠤᠴᠢ; ᠷᠠᠳᠢᠤ᠋ ᠵᠠᠭᠤᠴᠢ; ᠲᠧᠯᠧᠢᠰ ᠵᠠᠭᠤᠴᠢ; ᠰᠦᠯᠵᠢᠶ᠎ᠡ ᠵᠠᠭᠤᠴᠢ |
摘要 |
ᠬᠤᠭᠤᠷ ᠤᠨ ᠦᠯᠢᠭᠡᠷ ᠨᠢ ᠡᠭᠦᠰᠦᠨ ᠬᠦᠭ᠍ᠵᠢᠭᠰᠡᠨ ᠡᠴᠡ ᠪᠡᠨ ᠠᠪᠤᠭᠠᠳ ᠣᠳᠣ ᠪᠤᠯᠲᠠᠯ᠎ᠠ ᠦᠭᠡ ᠬᠡᠯᠡ᠂ ᠷᠠᠳᠢᠤ᠋᠂ ᠲᠧᠯᠧᠢᠰ᠂ ᠰᠦᠯᠵᠢᠶ᠎ᠡ ᠭᠡᠬᠦ ᠮᠡᠲᠦ ᠶᠢᠨ ᠬᠡᠳᠦᠨ ᠵᠤᠢ᠌ᠯ ᠤᠨ ᠵᠠᠭᠤᠴᠢ ᠪᠠᠷ ᠳᠠᠮᠵᠢᠨ ᠤᠯᠠᠮᠵᠢᠯᠠᠭᠳᠠᠵᠤ ᠢᠷᠡᠭᠰᠡᠨ ᠶᠤᠮ᠃ ᠭᠡᠬᠦ ᠳᠦ ᠪᠡᠨ ᠰᠢᠨ᠎ᠡ ᠨᠢᠭᠡᠨ ᠵᠠᠭᠤᠴᠢ ᠶᠢᠨ ᠪᠤᠢ ᠪᠤᠯᠤᠭᠰᠠᠨ ᠨᠢ ᠂ ᠤᠤᠯ ᠤᠨ ᠪᠠᠢ᠌ᠭᠰᠠᠨ ᠵᠠᠭᠤᠴᠢ ᠪᠠᠨ ᠣᠷᠤᠯᠠᠬᠤ ᠪᠢᠰᠢ᠂ ᠬᠠᠷᠢᠨ ᠬᠡᠳᠦᠨ ᠵᠤᠢ᠌ᠯ ᠤᠨ ᠵᠠᠭᠤᠴᠢ ᠵᠡᠷᠭᠡ ᠪᠡᠷ ᠣᠷᠤᠰᠢᠬᠤ ᠮᠠᠶᠢᠭ᠋ ᠢᠶᠠᠷ ᠬᠦᠭ᠍ᠵᠢᠭᠰᠡᠨ ᠪᠠᠢ᠌ᠨ᠎ᠠ᠃ ᠬᠤᠭᠤᠷ ᠤᠨ ᠦᠯᠢᠭᠡᠷ ᠨᠢ ᠦᠭᠡ ᠬᠡᠯᠡᠨ ᠦ ᠵᠠᠭᠤᠴᠢ ᠶᠢᠨ ᠱᠠᠲᠤ ᠦᠶ᠎ᠡ ᠳᠦ ᠪᠡᠨ ᠭᠤᠤᠯᠳᠠᠭᠤ ᠬᠤᠭᠤᠷᠴᠢ ᠠᠢ᠌ᠯ ᠭᠡᠰᠦᠨ ᠦᠯᠢᠭᠡᠷ ᠬᠡᠯᠡᠬᠦ ᠬᠢᠭᠡᠳ ᠬᠤᠭᠤᠷᠴᠢ᠂ ᠸᠠᠩ ᠤᠨ ᠣᠷᠳᠤᠨ᠂ ᠰᠦᠮ᠎ᠡ ᠬᠡᠢ᠌ᠳ᠂ ᠦᠯᠢᠭᠡᠷ ᠦᠨ ᠭᠡᠷ ᠮᠡᠲᠦ ᠶᠢᠨ ᠲᠤᠭᠲᠠᠭᠰᠠᠨ ᠲᠠᠯᠠᠪᠤᠷ ᠲᠤ ᠦᠯᠢᠭᠡᠷ ᠬᠡᠯᠡᠬᠦ ᠠᠷᠭ᠎ᠠ ᠬᠡᠯᠪᠡᠷᠢ ᠶᠢ ᠠᠪᠴᠤ ᠪᠠᠢ᠌ᠵᠠᠢ᠃ ᠡᠨᠡ ᠱᠠᠲᠤ ᠦᠶ᠎ᠡ ᠳᠦ ᠂ ᠬᠤᠭᠤᠷ ᠤᠨ ᠦᠯᠢᠭᠡᠷ ᠨᠢ ᠬᠠᠷᠠᠴᠤ ᠠᠷᠠᠳ ᠠᠴᠠ ᠸᠠᠩ ᠭᠦᠩ᠂ ᠴᠢᠨᠠᠭᠰᠢᠯᠠᠨ ᠰᠢᠷ᠎ᠠ ᠶᠢᠨ ᠱᠠᠰᠢᠨ ᠤ ᠰᠦᠮ᠎ᠡ ᠬᠡᠢ᠌ᠳ ᠲᠦ ᠬᠦᠷᠲᠡᠯ᠎ᠡ ᠤᠯᠠᠮᠵᠢᠯᠠᠭᠳᠠᠨ ᠳᠡᠯᠭᠡᠷᠡᠪᠡ᠃ ᠬᠤᠭᠤᠷ ᠤᠨ ᠦᠯᠢᠭᠡᠷ ᠢ ᠷᠠᠳᠢᠤ᠋ ᠪᠠᠷ ᠨᠡᠪᠲᠡᠷᠡᠭᠦᠯᠬᠦ ᠪᠤᠯᠤᠭᠰᠠᠨ ᠠᠴᠠ ᠬᠤᠭᠤᠷ ᠤᠨ ᠦᠯᠢᠭᠡᠷ ᠦᠨ ᠤᠯᠠᠮᠵᠢᠯᠠᠭᠳᠠᠯ ᠤᠨ ᠭᠠᠵᠠᠷ ᠣᠷᠤᠨ ᠤ ᠬᠦᠷᠢᠶ ᠡ ᠶᠢ ᠦᠷᠭᠡᠳᠭᠡᠪᠡ᠃ ᠷᠠᠳᠢᠤ᠋ ᠬᠤᠷᠢᠶᠠᠨ ᠤ ᠨᠠᠢ᠌ᠷᠠᠭᠤᠯᠤᠭᠴᠢ ᠶᠢᠨ ᠣᠷᠤᠯᠴᠠᠯᠭ᠎ᠠ ᠳᠤᠤᠷ ᠠ ᠬᠤᠭᠤᠷ ᠤᠨ ᠦᠯᠢᠭᠡᠷ ᠦᠨ ᠤᠳᠬ᠎ᠠ ᠰᠡᠳᠦᠪ ᠨᠢ ᠦᠷᠭᠡᠵᠢᠨ ᠬᠦᠭ᠍ᠵᠢᠵᠦ ᠨᠡᠢ᠌ᠭᠡᠮ ᠵᠢᠷᠦᠮᠲᠦ ᠬᠤᠪᠢᠰᠬᠠᠯᠲᠤ ᠤᠳᠬ᠎ᠠ ᠰᠡᠳᠦᠪᠲᠦ 《ᠰᠢᠨ᠎ᠡ ᠦᠯᠢᠭᠡᠷ》 ᠪᠤᠢ ᠪᠤᠯᠪᠠ᠃ ᠲᠧᠯᠧᠢᠰ ᠨᠡᠪᠲᠡᠷᠡᠭᠦᠯᠭᠡ ᠶᠢᠨ ᠲᠦᠭᠡᠮᠡᠯᠵᠢᠬᠦ ᠶᠢ ᠳᠠᠭᠠᠯᠳᠤᠨ᠂ ᠬᠤᠭᠤᠷ ᠤᠨ ᠦᠯᠢᠭᠡᠷ ᠰᠤᠨᠤᠰᠤᠭᠴᠢ ᠪᠠᠨ ᠠᠯᠳᠠᠵᠤ ᠪᠠᠭᠤᠷᠠᠯ ᠤᠨ ᠱᠠᠲᠤᠨ ᠳᠤ ᠣᠷᠤᠪᠠ᠃ ᠰᠢᠨ᠎ᠡ ᠵᠠᠭᠤᠨ ᠤ ᠴᠠᠭ ᠦᠶ᠎ᠡ ᠶᠢᠨ ᠰᠦᠯᠵᠢᠶᠡᠨ ᠦ ᠬᠦᠭ᠍ᠵᠢᠯ ᠢ ᠳᠠᠭᠠᠯᠳᠤᠨ᠂ ᠰᠦᠯᠵᠢᠶ᠎ᠡ ᠪᠡᠷ ᠳᠠᠮᠵᠢᠨ ᠬᠤᠭᠤᠷ ᠤᠨ ᠦᠯᠢᠭᠡᠷ ᠢ ᠤᠯᠠᠮᠵᠢᠯᠠᠬᠤ ᠪᠤᠯᠤᠭᠰᠠᠨ ᠪᠠᠢ᠌ᠨ᠎ᠠ᠃ ᠡᠨᠡ ᠨᠢ ᠬᠤᠭᠤᠷᠴᠢ ᠶᠢᠨ ᠦᠯᠢᠭᠡᠷ ᠰᠤᠷᠬᠤ᠂ ᠰᠤᠨᠤᠰᠤᠭᠴᠢ ᠶᠢᠨ ᠬᠦᠮᠦᠵᠢᠯ ᠳᠦ ᠴᠢᠬᠤᠯᠠ ᠠᠴᠢ ᠬᠤᠯᠪᠤᠭᠳᠠᠯ ᠲᠠᠢ ᠃ |
原文 |
没有原文
|
出自 |
内蒙古大学学报
2014年
第4期
|