论文信息


题名 ᠮᠢᠩᠭᠠᠳ ᠡᠷᠳᠡᠮᠲᠦ ᠶᠢᠨ 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》 ᠬᠡᠮᠡᠬᠦ ᠲᠡᠭᠦᠪᠦᠷᠢ ᠵᠤᠬᠢᠶᠠᠯ ᠤᠨ ᠲᠤᠬᠠᠢ
作者 ᠪᠤᠷᠵᠢᠬᠢᠨ ᠴᠢᠯᠠᠭᠤ
关键词 ᠮᠢᠩᠭᠠᠳ ᠡᠷᠳᠡᠮᠲᠦ; 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》; ᠦᠨ᠎ᠡ ᠴᠠᠨ᠎ᠠ
摘要 ᠡᠷᠳᠡᠮᠲᠡᠨ ᠵᠤᠬᠢᠶᠠᠯᠴᠢ ᠮᠢᠩᠭᠠᠳ ᠡᠷᠳᠡᠮᠲᠦ ᠶᠢᠨ 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》 ᠬᠡᠮᠡᠬᠦ ᠲᠡᠭᠦᠪᠦᠷᠢ ᠵᠤᠬᠢᠶᠠᠯ ᠳᠤ ᠣᠷᠤᠭᠰᠠᠨ ᠳᠦᠷᠪᠡᠨ ᠨᠠᠢᠷᠠᠭᠤᠯᠤᠯ ᠢ ᠶᠡᠷᠦᠩᠬᠡᠢ ᠳᠦ ᠨᠢ ᠠᠵᠢᠭᠯᠠᠬᠤ ᠳᠤ᠂ ᠪᠢᠴᠢᠯᠭᠡ ᠶᠢᠨ ᠠᠷᠭ᠎ᠠ ᠶᠢᠨ ᠬᠤᠪᠢ ᠳᠤ ᠬᠡᠭᠡᠷ᠎ᠡ ᠶᠢᠨ ᠰᠢᠨᠵᠢᠯᠡᠭᠡᠨ ᠦ ᠲᠡᠮᠳᠡᠭᠯᠡᠯ ᠳᠦ ᠤᠷᠠᠨ ᠵᠤᠬᠢᠶᠠᠯ ᠤᠨ ᠠᠷᠭ᠎ᠠ ᠶᠢ ᠵᠢᠭᠡᠯᠡᠵᠦ ᠪᠢᠴᠢᠭᠰᠡᠨ ᠣᠨᠴᠠᠯᠢᠭ ᠲᠠᠢ ᠪᠦᠭᠡᠳ ᠲᠡᠭᠦᠪᠦᠷᠢ ᠵᠤᠬᠢᠶᠠᠯ ᠤᠨ ᠨᠡᠷ᠎ᠡ ᠪᠤᠯᠬᠤ 《ᠰᠠᠷᠠᠨ ᠤ ᠭᠡᠷᠡᠯ》 ᠭᠡᠳᠡᠭ ᠨᠢ ᠴᠦ ᠡᠷᠳᠡᠮ ᠰᠢᠨᠵᠢᠯᠡᠭᠡᠨ ᠦ ᠪᠡ ᠤᠷᠠᠨ ᠵᠤᠬᠢᠶᠠᠯ ᠤᠨ ᠬᠤᠶᠠᠳᠠᠮᠠᠯ ᠲᠠᠯ᠎ᠠ ᠠᠴᠠ ᠰᠡᠳᠬᠢᠵᠦ ᠪᠤᠯᠬᠤ ᠳᠠᠪᠬᠤᠷ ᠤᠳᠬ᠎ᠠ ᠲᠠᠢ ᠪᠠᠢᠨ᠎ᠠ᠃ 《ᠶᠢᠷᠲᠢᠨᠴᠦ ᠶᠢᠨ ᠬᠢᠵᠠᠭᠠᠷ ᠲᠠᠬᠢ ᠰᠠᠷᠠᠨ ᠤ ᠭᠡᠷᠡᠯ》 ᠨᠢ ᠤᠷᠠᠨ ᠵᠤᠬᠢᠶᠠᠯ ᠪᠠ ᠡᠷᠳᠡᠮ ᠰᠢᠨᠵᠢᠯᠡᠭᠡᠨ ᠦ ᠶᠡᠷᠦᠩᠬᠡᠶᠢᠯᠡᠭᠰᠡᠨ ᠰᠢᠨᠵᠢ ᠶᠢ ᠠᠭᠤᠯᠤᠭᠰᠠᠨ ᠲᠠᠯ᠎ᠠ ᠪᠠᠷ ᠢᠶᠠᠨ ᠮᠣᠩᠭᠤᠯ ᠤᠷᠠᠨ ᠵᠤᠬᠢᠶᠠᠯ ᠤᠨ ᠲᠡᠦᠬᠡᠨ ᠳᠦ ᠴᠦᠬᠡᠨ ᠵᠢᠱᠢᠶ᠎ᠡ ᠪᠤᠯᠬᠤ ᠪᠦᠭᠡᠳ ᠲᠡᠷᠡ ᠨᠢ ᠪ‍ · ᠷᠢᠨᠴᠢᠨ ᠦ 《ᠪᠠᠷᠠᠭᠤᠨ ᠡᠲᠡᠭᠡᠳ ᠵᠤᠷᠴᠢᠭᠰᠠᠨ ᠲᠡᠮᠳᠡᠭᠯᠡᠯ》 ᠯᠦᠭᠡ ᠬᠠᠷᠢᠴᠠᠭᠤᠯᠤᠨ ᠦᠵᠡᠵᠦ ᠪᠤᠯᠬᠤ ᠦᠨ᠎ᠡ ᠦᠷᠲᠡᠭ ᠪᠦᠬᠦᠢ ᠨᠤᠮ ᠪᠤᠯᠤᠨ᠎ᠠ᠂ ᠲᠡᠷᠡᠴᠢᠯᠡᠨ ᠤᠭ ᠨᠤᠮ ᠳᠤ ᠲᠤᠭᠤᠰᠢ ᠨᠡᠪᠲᠡᠷᠡᠵᠦ ᠪᠠᠢᠭ᠎ᠠ ᠦᠵᠡᠯ ᠰᠠᠨᠠᠭ᠎ᠠ ᠨᠢ ᠰᠡᠭᠡᠭᠡᠲᠡᠨ ᠦ ᠬᠠᠷᠢᠴᠠᠭᠤᠯᠭ᠎ᠠ ᠪᠤᠯᠬᠤ ᠠᠵᠢ᠃
原文 没有原文
出自 蒙古学研究 2016年 第1期

联系我们


内蒙古大学图书馆
呼和浩特市大学西路235号
中国·内蒙古
P: (0471) 4992561
E: huangfeilong@imu.edu.cn