摘要 |
ᠦᠨᠳᠦᠰᠦᠲᠡᠨ ᠤ ᠪᠦᠬᠦᠨ ᠤ ᠰᠣᠶᠣᠯ ᠳ᠋ᠤ ᠲᠡᠭᠦᠨ ᠤ ᠲᠦᠯᠦᠭᠡᠯᠡᠵᠦ ᠲᠡᠢᠯᠬᠦᠢᠴᠡ ᠰᠣᠶᠣᠯ ᠤᠨ ᠬᠡᠯᠪᠡᠷᠢ ᠲᠠᠢ ᠪᠠᠢᠳᠠᠭ᠃ ᠮᠣᠩᠭᠤᠯ ᠪᠦᠭᠡ ᠪᠤᠯ ᠮᠣᠨᠭᠤᠯ ᠰᠣᠶᠣᠯ ᠤᠨ ᠣᠨᠴᠠᠯᠢᠭ ᠢ ᠬᠠᠷᠠᠭᠤᠯᠵᠤ ᠲᠡᠢᠯᠬᠦᠢᠴᠡᠡ ᠴᠢᠬᠤᠯᠠ ᠨᠢᠭᠡ ᠬᠡᠯᠪᠡᠷᠢ ᠪᠤᠯᠤᠨ᠎ᠠ᠃ ᠮᠣᠩᠭᠤᠯ ᠪᠦᠭᠡ ᠶᠢᠨ ᠦᠨᠳᠦᠰᠦᠲᠡᠨ ᠤ ᠰᠣᠶᠣᠯ ᠤᠨ ᠣᠨᠴᠠᠯᠢᠭ ᠨᠢ ᠲᠡᠭᠦᠨ ᠤ ᠭᠠᠳᠠᠭᠠᠲᠤ ᠣᠨᠴᠠᠯᠢᠭ ᠪᠤᠯᠬᠤ ᠦᠵᠡᠭᠳᠡᠵᠦ ᠪᠠᠷᠢᠭᠳᠠᠬᠤ ᠰᠢᠨᠵᠢ ᠪᠡᠷ ᠢᠢᠡᠨ ᠲᠠᠨᠢᠭᠲᠠᠬᠤ ᠡᠴᠡ ᠭᠠᠳᠠᠨ᠎ᠠ ᠪᠠᠰᠠ ᠲᠡᠭᠦᠨ ᠤ ᠲᠤᠳᠤᠭᠠᠲᠤ ᠰᠢᠨᠵᠢ ᠪᠤᠶᠤ ᠪᠡᠯᠭᠡᠳᠡᠯ ᠰᠢᠨᠵᠢ᠂ ᠭᠤᠤ ᠠ ᠰᠠᠢᠬᠠᠨ ᠤ ᠬᠦᠨ ᠤᠳᠬ ᠠ ᠪᠡᠷ ᠢᠢᠡᠨ ᠮᠣᠩᠭᠤᠯ ᠰᠣᠶᠣᠯ ᠤᠨ ᠦᠪᠡᠷᠮᠢᠴᠡ ᠰᠡᠳᠭᠢᠬᠦᠢ ᠵᠢ ᠠᠴᠢᠶᠠᠯᠠᠵᠤ ᠪᠠᠢᠳᠠᠭ᠃ ᠮᠣᠩᠭᠤᠯ ᠪᠦᠭᠡ ᠵᠢ ᠲᠡᠭᠦᠨ ᠤ ᠭᠠᠳᠠᠭᠠᠲᠤ ᠣᠨᠴᠠᠯᠢᠭ ᠪᠠ ᠲᠤᠳᠤᠭᠠᠲᠤ ᠰᠢᠨᠵᠢ ᠭᠡᠬᠦ ᠬᠤᠶᠠᠷ ᠲᠠᠯ ᠠ ᠡᠴᠡ ᠦᠨᠳᠦᠰᠦᠲᠡᠨ ᠤ ᠰᠣᠶᠣᠯ ᠤᠨ ᠰᠢᠨᠵᠢ ᠵᠢ ᠲᠤᠳᠤᠷᠠᠭᠤᠯᠤᠨ ᠭᠠᠷᠭᠠᠵᠤ ᠪᠤᠯᠤᠨ᠎ᠠ᠃ |