摘要 |
ᠮᠣᠩᠭᠯᠤ ᠤᠷᠤᠨ ᠳ᠋ᠤ ᠠᠳᠠᠯᠢ ᠪᠤᠰᠤ ᠲᠦᠷᠦᠯ ᠵᠦᠢᠯ ᠤᠨ ᠰᠢᠪᠠᠭᠤ ᠤᠯᠠᠨ ᠪᠠᠢᠵᠦ᠂ ᠪᠠᠢᠭᠠᠯᠢ ᠠᠬᠤᠢ ᠳ᠋ᠤ ᠦᠩᠭᠡ ᠴᠢᠮᠡᠭ ᠪᠤᠯᠤᠭᠰᠠᠭᠠᠷ ᠢᠷᠡᠭᠡᠪ᠃ ᠮᠣᠩᠭᠤᠯᠴᠤᠳ ᠰᠢᠪᠠᠭᠤᠨ ᠤ ᠪᠡᠶ ᠠ ᠪᠠᠢᠳᠠᠯ᠂ ᠲᠠᠭᠤᠴᠢᠮᠡᠭᠡ᠂ ᠭᠦᠶᠦᠳᠡᠯ ᠨᠢᠰᠦᠯᠲᠠ ᠵᠢ ᠠᠵᠢᠭᠯᠠᠵᠤ ᠠᠭᠤᠷ ᠠᠮᠢᠰᠬᠤᠯ ᠤᠨ ᠬᠤᠪᠢᠷᠠᠯᠲᠠ ᠵᠢ ᠰᠤᠪᠢᠵᠦ ᠪᠠᠢᠵᠠᠢ᠃ ᠦᠭᠦᠯᠡᠯ ᠳ᠋ᠤ ᠮᠣᠩᠭᠤᠯᠴᠤᠳ ᠤᠨ ᠰᠢᠪᠠᠭᠤ ᠪᠡᠷ ᠠᠭᠤᠷ ᠠᠮᠢᠰᠬᠤᠯ ᠤᠨ ᠬᠤᠪᠢᠷᠠᠯᠲᠠ ᠵᠢ ᠪᠡᠯᠭᠡᠳᠡᠨ ᠰᠢᠨᠵᠢᠬᠦ ᠵᠠᠩ ᠦᠢᠯᠡ ᠵᠢ ᠰᠢᠨᠵᠢᠯᠡᠨ᠂ ᠰᠢᠪᠠᠭᠤ ᠪᠡᠷ ᠬᠠᠪᠤᠷ ᠤᠨ ᠤᠷᠭᠤᠵᠤ ᠲᠦᠯᠵᠢᠬᠦ ᠤᠯᠠᠷᠢᠯ ᠤᠨ ᠪᠡᠯᠭᠡᠳᠡᠯ᠂ ᠬᠤᠷ ᠠ ᠪᠤᠷᠤᠭᠠᠨ ᠤᠷᠤᠬᠤ ᠶᠢᠨ ᠪᠡᠯᠭᠡᠳᠡᠯ᠂ ᠭᠠᠩ ᠬᠠᠭᠰᠠᠷᠭᠠᠨ ᠪᠤᠯᠬᠤ ᠶᠢᠨ ᠪᠡᠯᠭᠡᠳᠡᠯ᠂ ᠴᠠᠰᠤ ᠵᠤᠤ ᠪᠤᠯᠬᠤ ᠶᠢᠨ ᠪᠡᠯᠭᠡᠳᠡᠯ ᠪᠠᠢᠭᠰᠠᠨ ᠰᠣᠶᠣᠯ ᠤᠨ ᠤᠳᠬ ᠠ ᠪᠠ ᠠᠮᠢ ᠠᠬᠤᠢ ᠶᠢᠨ ᠤᠳᠬ ᠠ ᠵᠢ ᠰᠢᠨᠵᠢᠯᠡᠵᠡᠢ᠃ |