摘要 |
ᠦᠭᠦᠯᠡᠯ ᠳ᠋ᠤ ᠤᠮᠠᠷᠠᠲᠤ ᠶᠢᠨ ᠠᠢᠮᠠᠭ ᠤᠭᠰᠠᠭᠠᠲᠠᠳ ᠤᠨ ᠤᠳᠲᠤᠭ ᠮᠠᠯᠲᠠᠬᠤ ᠦᠢᠯᠡ ᠪᠤᠯ ᠤᠰᠤᠨ ᠤ ᠰᠤᠳᠠᠰᠤ ᠵᠢ ᠢᠯᠡᠷᠡᠬᠦᠯᠬᠦ ᠶᠠᠪᠤᠴᠠ ᠪᠤᠯᠬᠤ ᠵᠢ ᠨᠤᠲᠠᠯᠠᠨ᠂ ᠲᠠᠷᠠᠭ᠎ᠠ ᠨᠢ ᠪᠤᠳᠠᠳᠦ ᠮᠠᠲ᠋ᠸᠷᠢᠶᠠᠯ ᠤᠨ ᠰᠠᠭᠤᠷᠢ ᠲᠡᠭᠡᠷ ᠠ ᠤᠰᠤᠨ ᠰᠤᠳᠠᠯ ᠢ ᠦᠯᠦ ᠬᠦᠨᠳᠡᠬᠦ ᠶᠣᠰᠤ ᠵᠢ ᠬᠠᠢᠨ ᠰᠦᠪᠡᠭᠴᠢᠯᠠᠵᠠᠢ᠃ ᠵᠠᠯᠭᠠᠭᠠᠳ ᠤᠰᠤᠨ ᠤ ᠰᠤᠳᠠᠯ ᠢ ᠲᠠᠪᠠᠭᠤᠯᠤᠨ ᠲᠦᠷᠰᠦᠯᠡᠵᠦ᠂ ᠤᠷᠠᠯᠢᠭᠵᠢᠭᠤᠯᠤᠨ ᠰᠢᠳᠢᠴᠢᠯᠡᠭᠰᠡᠨ ᠦᠯᠢᠭᠡᠷ ᠢ ᠵᠠᠳᠠᠯᠬᠤ ᠪᠡᠷ ᠲᠠᠮᠵᠢᠭᠤᠯᠵᠤ᠂ ᠲᠡᠭᠦᠨ ᠢ ᠨᠠᠨᠳᠢᠩᠨᠠᠨ ᠬᠠᠢᠯᠠᠷᠠᠯᠬᠤ᠂ ᠰᠢᠳᠦᠨ ᠪᠢᠰᠢᠷᠡᠬᠦ᠂ᠡᠨᠡᠭᠰᠢᠨ ᠬᠤᠷᠭᠤᠳᠠᠬᠤ ᠰᠡᠳᠭᠢᠯᠭᠡ ᠵᠢ ᠵᠠᠳᠠᠯᠪᠠ᠃ ᠡᠴᠦᠰ ᠲᠤ ᠤᠰᠤᠨ ᠤ ᠰᠤᠳᠠᠯ ᠢᠢᠡᠷ ᠰᠡᠳᠦᠪᠯᠡᠭᠰᠡᠨ ᠦᠯᠢᠭᠡᠷ ᠲᠡᠬᠢ ᠠᠮᠢ ᠠᠬᠤᠢ ᠶᠢᠨ ᠵᠦᠷᠢᠴᠡᠯ᠂ ᠨᠡᠢᠭᠡᠮ ᠤᠨ ᠵᠦᠷᠢᠴᠡᠯ ᠢ ᠵᠠᠳᠠᠯᠤᠨ ᠰᠢᠨᠵᠢᠯᠡᠵᠡᠢ᠃ |