摘要 |
ᠨᠠᠮᠲᠠᠷ ᠵᠤᠬᠢᠶᠠᠯ ᠤᠨ ᠡᠭᠦᠰᠦᠯ ᠬᠦᠭᠵᠢᠯ ᠤᠨ ᠲᠤᠬᠠᠢ ᠲᠤᠳᠤᠭᠠᠲᠠ ᠭᠠᠳᠠᠭᠠᠲᠤ ᠶᠢᠨ ᠡᠷᠳᠡᠮᠲᠡᠳ ᠦᠪᠡᠷ ᠦᠪᠡᠷ ᠤᠨ ᠦᠵᠡᠯᠲᠡ ᠲᠠᠨᠢᠯᠲᠠ ᠪᠠᠨ ᠠᠯᠢ ᠤᠯᠠᠨ ᠶᠠᠷᠢᠵᠤ ᠪᠠᠢᠭᠰᠠᠨ ᠶᠣᠮ᠃ ᠰᠤᠳᠤᠪᠯᠭᠠᠨ ᠢ ᠦᠨᠳᠦᠰᠦᠯᠡᠪᠡᠯ᠂ ᠨᠠᠮᠲᠠᠷ ᠵᠤᠬᠢᠶᠠᠯ ᠤᠨ ᠡᠭᠦᠰᠦᠯ ᠨᠢ ᠬᠦᠰᠡᠨ ᠮᠦᠷᠦᠭᠡᠳᠦᠭᠰᠡᠨ ᠡᠴᠡ ᠨᠠᠮᠲᠠᠷᠯᠠᠨ ᠦᠯᠡᠳᠡᠭᠡᠬᠦ᠂ ᠬᠦᠮᠦᠨ ᠲᠦᠷᠦᠯᠬᠢᠲᠡᠨ ᠤ ᠲᠦᠷᠦᠯᠬᠢᠴᠢᠠᠨᠷ ᠡᠴᠡ ᠡᠭᠦᠰᠦᠭᠰᠡᠨ ᠪᠠ ᠲᠡᠭᠡᠳᠦᠰ ᠤᠨ ᠰᠢᠲᠦᠯᠭᠡ ᠲᠠᠢ ᠰᠢᠭᠤᠳ ᠬᠤᠯᠪᠤᠭ᠎ᠠ ᠲᠠᠢ ᠭᠡᠵᠦ ᠦᠵᠡᠳᠡᠭ᠃ ᠪᠤᠷᠬᠠᠨ ᠤ ᠱᠠᠰᠢᠨ ᠤ ᠮᠣᠩᠭᠤᠯ ᠤᠷᠤᠨ ᠳ᠋ᠤ ᠤᠯᠠᠮᠵᠢᠯᠠᠭᠳᠠᠵᠤ ᠵᠢ ᠲᠠᠭᠠᠯᠲᠤᠨᠡᠨᠡᠳᠭᠡᠭ᠂ ᠲᠦᠪᠡᠳ ᠤᠨᠨᠠᠮᠳᠠᠷ ᠵᠤᠬᠢᠶᠠᠯ ᠨᠢ ᠴᠦ ᠮᠣᠩᠭᠤᠯ ᠨᠠᠮᠲᠠᠷ ᠵᠤᠬᠢᠶᠠᠯ ᠢ ᠪᠦᠷᠢᠮᠦᠰᠦᠨ ᠲᠡᠷᠡ ᠬᠡᠪ ᠢᠢᠡᠷ ᠨᠢ ᠲᠠᠭᠤᠷᠢᠶᠠᠭᠰᠠᠨ ᠪᠢᠰᠢ ᠬᠠᠷᠢᠨ ᠮᠣᠩᠭᠤᠯ ᠤᠨ ᠡᠷᠲᠡᠨ ᠤ ᠠᠮᠠᠨ ᠵᠤᠬᠢᠶᠠᠯ ᠪᠠ ᠪᠢᠴᠢᠭ ᠤᠨ ᠵᠤᠬᠢᠶᠠᠯ ᠳ᠋ᠤ ᠰᠠᠭᠤᠷᠢᠯᠠᠨ ᠪᠤᠢ ᠪᠤᠯᠤᠭᠰᠠᠨ ᠶᠣᠮ᠃ |