摘要 |
ᠮᠣᠩᠭᠤᠯ ᠤᠨ ᠡᠷᠲᠡᠨ ᠤ ᠨᠡᠢᠭᠡᠮ ᠳ᠋ᠤ ᠦᠷᠬᠦᠯᠵᠢ ᠬᠡᠷᠡᠭᠯᠡᠭᠳᠡᠳᠡᠭ ᠦᠭᠡ ᠶᠢᠨ ᠨᠢᠭᠡ ᠪᠤᠯᠤᠭᠰᠠᠨ 《 ᠨᠦᠬᠦᠷ》 ᠭᠡᠳᠡᠭ ᠦᠭᠡ《 ᠮᠣᠩᠭᠤᠯ ᠤᠨ ᠨᠢᠭᠤᠴᠠ ᠲᠤᠪᠴᠢᠶᠠᠨ》 ᠳ᠋ᠤ《那可》ᠬᠢᠲᠠᠳ ᠭᠠᠯᠢᠭ ᠤᠨ ᠲᠠᠷᠠᠭ᠎ᠠ ᠦᠭᠡ ᠵᠠᠯᠭᠠᠵᠤ ᠤᠯᠠᠨ ᠤᠳᠬ ᠠ ᠵᠢ ᠢᠯᠡᠳᠭᠡᠵᠡᠢ᠃ ᠲᠡᠷᠡ ᠨᠢ 《 ᠠᠨᠳᠠ》ᠭᠡᠳᠡ ᠦᠭᠡ ᠲᠠᠢ ᠠᠳᠠᠯᠢ ᠪᠡᠷ ᠬᠤᠶᠠᠷ ᠬᠦᠮᠦᠨ ᠤ ᠬᠤᠭᠤᠷᠤᠨᠳᠤ ᠬᠠᠷᠢᠯᠴᠠᠨ ᠬᠤᠯᠪᠤᠭ᠎ᠠ ᠪᠠᠢᠭᠤᠯᠵᠤ ᠨᠦᠬᠦᠷ ᠤᠨ ᠬᠠᠷᠢᠴᠠᠭ᠎ᠠ ᠵᠢ ᠢᠯᠡᠳᠭᠡᠳᠡᠭ ᠴᠦ ᠡᠭᠦᠨ ᠡᠴᠡ ᠤᠨᠳᠤᠤ ᠪᠠᠰᠠ ᠬᠤᠶᠠᠷ ᠤᠪᠤᠭᠳᠠᠨ᠂ᠠᠢᠮᠠᠭ ᠤᠨ ᠬᠤᠭᠤᠷᠤᠨᠳᠤᠬᠢ ᠴᠢᠬᠤᠯᠠ ᠬᠤᠯᠪᠤᠭ᠎ᠠ ᠵᠢ ᠲᠤᠳᠤᠷᠬᠠᠢᠯᠠᠵᠤ᠂ ᠮᠣᠩᠭᠤᠯ ᠤᠨ ᠦᠪᠡᠷᠮᠢᠴᠡ ᠣᠨᠴᠠᠯᠢᠭ ᠪᠦᠬᠦᠢ ᠨᠡᠢᠭᠡᠮ ᠰᠣᠶᠣᠯ ᠤᠨ ᠪᠠᠢᠳᠠᠯ ᠢ ᠲᠤᠰᠬᠠᠵᠠᠢ᠃ ᠦᠭᠦᠯᠡᠯ ᠳ᠋ᠤ ᠭᠤᠤᠯᠳᠠᠭᠤ 《 ᠮᠣᠩᠭᠤᠯ ᠤᠨ ᠨᠢᠭᠤᠴᠠ ᠲᠤᠪᠴᠢᠶᠠᠨ》 ᠳ᠋ᠡᠬᠢᠬᠢᠲᠠᠳ ᠭᠠᠯᠢᠭ ᠲᠤ ᠰᠠᠭᠤᠷᠢᠯᠠᠨ᠂ ᠮᠣᠩᠭᠤᠯ ᠤᠨ ᠡᠷᠲᠡᠨ ᠤ ᠨᠡᠢᠭᠡᠮ ᠳ᠋ᠤ ᠴᠢᠬᠤᠯᠠ ᠬᠡᠷᠡᠭᠯᠡᠭᠳᠡᠵᠦ ᠪᠠᠢᠭᠰᠠᠨ 《 那可》ᠡᠬᠢᠯᠡᠯ ᠪᠦᠬᠦᠢ ᠦᠭᠡ ᠶᠢᠨ ᠪᠦᠲᠦᠭᠡᠪᠦᠷᠢ ᠵᠢ ᠵᠢᠭᠰᠠᠭᠠᠵᠤ᠂ 《 那可兒》ᠭᠡᠳᠡᠭ ᠦᠭᠡ ᠶᠢᠨ ᠠᠳᠠᠯᠢ ᠪᠤᠰᠤ ᠦᠭᠦᠯᠡᠪᠦᠷᠢ ᠶᠢᠨ ᠣᠷᠴᠢᠨ ᠳ᠋ᠡᠬᠢ ᠤᠳᠬ ᠠ ᠵᠦᠢ ᠵᠢ ᠨᠢᠭᠲᠠᠯᠠᠪᠠ᠃ |