论文信息


题名 ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠳᠤᠲᠤᠷᠠᠬᠢ ᠰᠤᠷᠢᠨᠵᠢᠨ ᠫᠤᠯᠠᠷᠤᠨ ᠤ ᠡᠨᠧᠷᠬᠢ
作者 ᠦᠷᠦᠨᠲᠤᠶᠠᠭ᠎ᠠ; ᠵᠤᠤ ᠹᠧᠩ ᠴᠢ; ᠰᠠᠴᠤᠷᠤᠩᠭᠤᠢ
关键词 ᠴᠠᠢᠷ ᠤᠨ ᠰᠢᠷᠬᠡᠭ; ᠬᠦᠳᠡᠷ ᠦᠨ ᠪᠦᠲᠦᠴᠡᠲᠦ; ᠺᠧᠨᠠᠲ᠋ ᠤᠨᠠᠭᠤᠯᠢ; ᠡᠨᠧᠷᠬᠢ; ᠰᠤᠷᠢᠨᠵᠢᠨ ᠫᠤᠯᠠᠷᠤᠨ
摘要 ᠰᠠᠢᠵᠢᠷᠠᠭᠤᠯᠤᠭᠰᠠᠨ Lee-Low-Pines ᠬᠤᠪᠢᠯᠭᠠᠪᠤᠷᠢ ᠶᠢᠨ ᠠᠷᠭ᠎ᠠ ᠪᠠᠷ ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠮᠠᠲ᠋ᠧᠷᠢᠶᠠᠯ ᠳᠤᠲᠤᠷᠠᠬᠢ ᠰᠤᠷᠢᠨᠵᠢᠨ ᠫᠤᠯᠠᠷᠤᠨ ᠤ ᠡᠨᠧᠷᠬᠢ ᠶᠢᠨ ᠳᠡᠰ ᠢ ᠰᠤᠳᠤᠯᠬᠤ ᠶᠢᠨ ᠬᠠᠮᠲᠤ᠂ ᠲᠡᠭᠦᠨ ᠦ ᠰᠠᠭᠤᠷᠢ ᠲᠦᠯᠦᠪ ᠦᠨ ᠡᠨᠧᠷᠬᠢ ᠶᠢᠨ ᠤᠨᠠᠭᠤᠯᠢ ᠶᠢᠨ ᠦᠷᠭᠡᠨ L᠂ ᠭᠠᠳᠠᠭᠠᠳᠤ ᠰᠤᠷᠢᠨᠵᠢᠨ ᠣᠷᠤᠨ ᠤ ᠬᠦᠴᠦᠯᠡᠴᠡ B ᠬᠢᠭᠡᠳ ᠬᠤᠢᠯᠠᠷᠠᠯᠲᠠ ᠶᠢᠨ ᠳᠠᠪᠲᠠᠮᠵᠢ ᠶᠢᠨ ᠭᠠᠳᠠᠭᠠᠳᠤ ᠰᠤᠷᠢᠨᠵᠢᠨ ᠣᠷᠤᠨ ᠤ ᠬᠦᠴᠦᠯᠡᠴᠡ ᠶᠢ ᠳᠠᠭᠠᠯᠳᠤᠨ ᠬᠤᠪᠢᠷᠠᠬᠤ ᠹᠦᠩᠺᠼ ᠦᠨ ᠬᠤᠯᠪᠤᠭᠳᠠᠯ ᠢ ᠣᠯᠣᠭᠰᠠᠨ ᠪᠠᠢᠨ᠎ᠠ᠃ ᠪᠤᠳᠤᠯᠭ᠎ᠠ ᠶᠢᠨ ᠶᠠᠪᠤᠴᠠ ᠳᠤ᠂ ᠴᠠᠢᠷ ᠤᠨ ᠰᠢᠷᠬᠡᠭ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠳᠤᠲᠤᠷᠠᠬᠢ ᠭᠡᠷᠡᠯᠯᠢᠭ᠌ ᠹᠤᠨᠤᠨ ᠮᠧᠦ᠋ᠳ᠋ ᠦᠨ ᠢᠽᠤᠲ᠋ᠷᠤᠫᠢ ᠪᠤᠰᠤ ᠴᠢᠨᠠᠷ᠂ ᠡᠯᠧᠺᠲ᠋ᠷᠤᠨ ᠪᠠ ᠤᠷᠲᠤ ᠳᠤᠯᠭᠢᠶᠠᠨ ᠭᠡᠷᠡᠯᠯᠢᠭ᠌ ᠹᠤᠨᠤᠨ ᠤ ᠬᠤᠭᠤᠷᠤᠨᠳᠤᠬᠢ ᠬᠠᠷᠢᠯᠴᠠᠨ ᠦᠢᠯᠡᠴᠢᠯᠡᠯ ᠢ ᠪᠤᠳᠤᠯᠬᠢᠯᠠᠬᠤ ᠶᠢᠨ ᠤᠯᠠᠮ ᠢᠶᠠᠷ᠂ ᠬᠡᠮᠵᠢᠶᠡᠨ ᠦ ᠵᠠᠳᠠᠯᠤᠯᠲᠠ ᠶᠢᠨ ᠬᠠᠷᠢᠴᠠᠭᠤᠯᠤᠯ ᠬᠢᠬᠦ ᠶᠢᠨ ᠲᠤᠰᠠᠲᠠ ᠴᠠᠢᠷ ᠤᠨ ᠬᠢᠯᠪᠠᠭᠠᠨ ᠬᠦᠳᠡᠷ ᠦᠨ ᠪᠦᠲᠦᠴᠡᠲᠦ CaN/Al0.3Ca0.7N ᠺᠧᠨᠠᠲ᠋ ᠤᠨᠠᠭᠤᠯᠢ ᠳᠤᠲᠤᠷᠠᠬᠢ ᠰᠤᠷᠢᠨᠵᠢᠨ ᠫᠤᠯᠠᠷᠤᠨ ᠤ ᠡᠨᠧᠷᠬᠢ ᠪᠠ ᠬᠤᠢᠯᠠᠷᠠᠯᠲᠠ ᠶᠢᠨ ᠳᠠᠪᠲᠠᠮᠵᠢ ᠶᠢᠨ ᠬᠠᠷᠠᠭᠠᠯᠵᠠᠭᠰᠠᠨ ᠬᠡᠮᠵᠢᠭᠳᠡᠯ ᠢ ᠪᠠᠰᠠ ᠦᠭᠭᠦᠭᠳᠡᠵᠡᠢ᠃
原文 没有原文
出自 内蒙古师范大学学报(自然科学蒙古文版) 2010年 第3期

联系我们


内蒙古大学图书馆
呼和浩特市大学西路235号
中国·内蒙古
P: (0471) 4992561
E: huangfeilong@imu.edu.cn