摘要 |
ᠤᠯᠠᠮᠵᠢᠯᠠᠯᠲᠤ ᠮᠠᠯᠵᠢᠬᠤ ᠤᠷᠤᠨ ᠤ ᠰᠢᠲᠠᠭᠠᠯᠭ᠎ᠠ ᠪᠤᠯᠤᠭᠰᠠᠨ ᠠᠷᠭᠠᠯ ᠪᠤᠯ ᠮᠠᠯᠢᠴᠳ ᠤᠨ ᠬᠦᠳᠡᠯᠮᠦᠷᠢ ᠶᠢᠨ ᠪᠦᠲᠦᠭᠡᠭᠳᠡᠬᠦᠨ ᠮᠦᠨ᠃ ᠤᠷᠲᠤ ᠤᠳᠠᠭᠠᠨ ᠲᠡᠦᠭᠡᠨ ᠶᠠᠪᠤᠴᠠ ᠳ᠋ᠤ ᠠᠷᠭᠠᠯ ᠳ᠋ᠤ ᠰᠣᠶᠣᠯ ᠰᠡᠳᠬᠢᠴᠡ ᠶᠢᠨ ᠪᠠ ᠦᠵᠡᠯ ᠰᠠᠨᠠᠭᠠᠨ ᠤ ᠪᠤᠶᠠᠨ ᠤᠳᠬ ᠠ ᠨᠠᠪᠴᠢᠨ ᠰᠢᠩᠭᠡᠭᠰᠡᠨ ᠲᠤᠯᠠ ᠤᠳᠤ ᠠᠷᠭᠠᠯ ᠢ ᠵᠦᠪᠬᠡᠨ ᠶᠡᠷᠦ ᠶᠢᠨ ᠮᠡᠳᠡᠯᠭᠡ ᠪᠠ ᠰᠣᠶᠣᠯ ᠵᠠᠩᠰᠢᠯ ᠤᠨ ᠲᠡᠭᠲᠡᠷ ᠡᠴᠡ ᠶᠠᠷᠢᠵᠦ ᠬᠡᠯᠯᠡᠴᠡᠭᠡᠳ ᠵᠤᠭᠰᠤᠬᠤ ᠦᠭᠡᠢ᠂ ᠬᠠᠷᠢᠨ ᠦᠭᠡ ᠵᠦᠢ᠂ ᠬᠦᠨ ᠤᠬᠠᠭᠠᠨ ᠤ ᠪᠠ ᠰᠣᠶᠣᠯ ᠬᠦᠮᠦᠨ ᠵᠦᠢ ᠶᠢᠨ ᠤᠶᠠᠯᠳᠤᠯ ᠤᠨ ᠲᠡᠭᠲᠡᠷ ᠡᠴᠡ ᠲᠡᠭᠦᠨ ᠳ᠋ᠤ ᠪᠠᠭᠲᠠᠭᠰᠠᠨ ᠮᠡᠳᠡᠯᠭᠡ᠂ ᠰᠡᠳᠬᠢᠴᠡ ᠪᠠ ᠦᠵᠡᠯ ᠰᠠᠨᠠᠭᠠᠨ ᠤ ᠠᠭᠤᠯᠭ᠎ᠠ ᠵᠢ ᠬᠦᠨᠴᠡ ᠲᠠᠢ ᠲᠠᠢᠯᠪᠤᠷᠢᠯᠠᠵᠤ᠂ ᠶᠡᠷᠦᠩᠬᠡᠢᠢᠯᠡᠭᠰᠡᠨ ᠲᠤᠮᠢᠶᠠᠯᠠᠯ ᠬᠢᠬᠦ ᠴᠢᠬᠤᠯᠠᠲᠠᠢ ᠪᠠᠢᠭ᠎ᠠ ᠶᠣᠮ᠃ ᠴᠠᠭ ᠦᠶ ᠠ ᠶᠢᠨ ᠭᠦᠭᠵᠢᠯᠲᠡ ᠡᠴᠡ ᠪᠤᠯᠵᠤ ᠠᠷᠭᠠᠯ ᠤᠨ ᠬᠡᠷᠡᠭᠯᠡᠭᠡ ᠤᠰᠠᠳᠴᠤ ᠠᠷᠢᠯᠬᠤ ᠨᠢ ᠵᠠᠢᠯᠠᠰᠢ ᠦᠭᠡᠢ ᠪᠤᠯᠪᠠᠴᠤ ᠮᠠᠯᠵᠢᠬᠤ ᠰᠣᠶᠣᠯ ᠤᠨ ᠴᠢᠬᠤᠯᠠ ᠠᠭᠤᠯᠭ᠎ᠠ ᠪᠤᠯᠤᠭᠰᠠᠨ ᠠᠷᠭᠠᠯ ᠨᠢ ᠬᠦᠮᠦᠨ ᠲᠦᠷᠦᠯᠬᠢᠲᠠᠨ ᠤ ᠰᠣᠶᠣᠯ ᠪᠤᠯᠪᠠᠰᠤᠨ ᠤ ᠲᠡᠦᠭᠡᠨ ᠳ᠋ᠤ ᠵᠦᠢ ᠶᠤᠰᠤᠭᠠᠷ ᠲᠡᠮᠳᠡᠭᠯᠡᠭᠳᠡᠬᠦ ᠶᠤᠰᠤᠲᠠᠢ ᠠᠵᠢ᠃ |