| 题名 | 
                ᠹᠠᠱᠱᠠᠨ ᠤ《ᠼᠦᠨ ᠰᠦ ᠲᠠᠩ ᠲᠠᠩᠬᠢᠮ ᠤᠨ ᠵᠤᠬᠢᠶᠠᠯ ᠤᠨ ᠬᠤᠷᠢᠶᠠᠩᠭᠤᠢ》 ᠶᠢᠨ ᠵᠤᠬᠢᠶᠠᠨ ᠪᠦᠲᠦᠭᠡᠬᠦ ᠣᠨᠴᠠᠯᠢᠭ  ᠢ ᠰᠢᠨᠵᠢᠬᠦ ᠨᠢ | 
            
            
                | 作者 | 
                ᠰᠤᠯᠤᠩᠭᠤᠤ ᠠ | 
            
            
                | 关键词 | 
                ᠹᠠᠱᠱᠠᠨ;《ᠼᠦᠨ ᠰᠦ ᠲᠠᠩ ᠲᠠᠩᠬᠢᠮ ᠵᠤᠬᠢᠶᠠᠯ ᠤᠨ  ᠬᠤᠷᠢᠶᠠᠩᠭᠤᠢ》; ᠤᠵᠬᠢᠶᠠᠨ ᠪᠦᠲᠦᠭᠡᠬᠦ; ᠣᠨᠴᠠᠯᠢᠭ | 
            
            
                | 摘要 | 
                ᠦᠭᠦᠯᠡᠯ ᠳ᠋ᠤ ᠹᠠᠱᠱᠠᠨ ᠤ 《 ᠼᠦᠨ ᠰᠦ ᠲᠠᠩ ᠲᠠᠩᠬᠢᠮ ᠤᠨ ᠵᠤᠬᠢᠶᠠᠯ ᠤᠨ ᠬᠤᠷᠢᠶᠠᠩᠭᠤᠢ》 ᠪᠦᠲᠦᠭᠡᠯ ᠤᠨ ᠵᠤᠬᠢᠶᠠᠨ ᠪᠦᠲᠦᠭᠡᠭᠰᠡᠨ ᠣᠨᠴᠠᠯᠢᠭ ᠬᠢᠭᠡᠳ ᠲᠡᠬᠦᠨ  ᠤ ᠪᠤᠰᠤᠳ ᠪᠦᠲᠦᠭᠡᠯ ᠵᠢᠴᠢ ᠠᠳᠠᠯᠢ ᠨᠢᠭᠡ ᠦᠶ ᠠ ᠶᠢᠨ ᠠᠳᠠᠯᠢᠬᠠᠨ ᠪᠦᠲᠦᠭᠡᠯ ᠲᠠᠢ ᠬᠠᠷᠢᠴᠠᠭᠤᠯᠤᠨ᠂  ᠵᠤᠬᠢᠶᠠᠭᠴᠢ ᠶᠢᠨ ᠵᠤᠬᠢᠶᠠᠨ ᠪᠦᠲᠦᠭᠡᠬᠦ ᠤᠪᠤᠷ ᠰᠢᠨᠵᠢ᠂ ᠬᠡᠯᠡᠨ ᠤᠢᠯᠡᠳᠭᠡᠮᠵᠢ ᠪᠠ ᠠᠭᠤᠯᠭᠠ ᠶᠢᠨ ᠪᠠᠭᠲᠠᠭᠠᠮᠵᠢ ᠮᠡᠳᠦ ᠶᠢᠨ ᠢᠯᠡᠷᠡᠬᠦᠯᠬᠦ ᠠᠷᠭᠠ ᠶᠢᠨ ᠲᠠᠯ ᠠ ᠡᠴᠡ ᠵᠠᠳᠠᠯᠤᠨ ᠰᠢᠨᠵᠢᠯᠡᠵᠦ᠂ ᠲᠦᠷᠦᠯ ᠰᠲ᠋ᠢᠯᠢ ᠡᠯᠪᠡᠭ ᠪᠠᠶᠠᠯᠢᠭ᠂ ᠮᠠᠭᠤᠳᠯᠠᠯ ᠲᠤᠯᠠᠯ ᠨᠠᠷᠢᠯᠢᠭ ᠬᠢᠴᠢᠶᠡᠮᠵᠢᠲᠡᠢ᠂ ᠦᠭᠡ ᠪᠤᠷᠤᠭᠵᠢᠭᠤᠨ ᠰᠠᠨᠠᠭᠠ ᠬᠦᠨ᠂ ᠪᠠᠭ ᠠ ᠪᠡᠷ ᠶᠠᠬᠠ ᠵᠢ ᠢᠡᠯᠡᠷᠡᠬᠦᠯᠬᠦ ᠭᠡᠬᠦ ᠲᠦᠷᠪᠡᠨ ᠲᠠᠯ ᠠ ᠳ᠋ᠤ ᠬᠤᠷᠢᠶᠠᠩᠭᠤᠢᠯᠠᠵᠠᠢ᠃ ᠹᠠᠱᠱᠠᠨ  ᠤ ᠵᠤᠬᠢᠶᠠᠨ ᠪᠦᠲᠦᠭᠡᠯᠭᠡ ᠶᠢᠨ ᠤᠷ ᠠ ᠴᠢᠳᠠᠪᠤᠷᠢ ᠵᠢ ᠬᠢᠲᠠᠳ ᠤᠨ ᠡᠷᠲᠡᠨ ᠤ ᠤᠯᠠᠮᠵᠢᠯᠠᠯᠲᠤ ᠵᠤᠬᠢᠶᠠᠨ ᠪᠦᠲᠦᠭᠡᠭᠦ ᠴᠢᠳᠠᠪᠤᠷᠢ ᠨᠢ ᠬᠢᠲᠠᠳ ᠤᠨ ᠤᠷᠲᠠᠨ ᠤ ᠤᠯᠠᠮᠵᠢᠯᠠᠯᠲᠤ ᠵᠤᠬᠢᠶᠠᠨᠪᠦᠲᠦᠭᠡᠬᠦ ᠵᠠᠭᠪᠤᠷ ᠪᠠ ᠠᠷᠭᠠ ᠵᠢ ᠵᠠᠯᠭᠠᠮᠵᠢᠯᠠᠨ ᠰᠤᠷᠤᠯᠴᠠᠵᠤ᠂ ᠬᠢᠲᠠᠳ ᠤᠳᠬ ᠠ ᠵᠤᠬᠢᠶᠠᠯ ᠤᠨ ᠪᠠᠶᠠᠯᠢᠭ  ᠢ ᠢᠯᠡᠷᠡᠬᠦᠯᠦᠭᠰᠡᠨ ᠮᠦᠷᠲᠡᠭᠡᠨ ᠮᠦᠨᠴᠦ ᠡᠷᠲᠡᠨ ᠤ ᠮᠣᠩᠭᠤᠯ ᠦᠨᠳᠦᠰᠦᠲᠡᠨ ᠤ ᠬᠢᠳᠠᠳ ᠢᠢᠡᠷ ᠲᠤᠭᠤᠷᠪᠢᠳᠠᠭ ᠵᠤᠬᠢᠶᠠᠯᠴᠢ ᠶᠢᠨ ᠬᠤᠪᠢ ᠪᠡᠷ ᠮᠣᠩᠭᠯᠤ ᠤᠳᠬ ᠠ ᠵᠤᠬᠢᠶᠠᠯ ᠤᠨ ᠬᠦᠭᠵᠢᠯᠲᠡ ᠳ᠋ᠤ ᠴᠦ ᠨᠡᠮᠡᠷᠢ ᠬᠠᠨᠳᠢᠪ ᠦᠵᠡᠬᠦᠯᠵᠦ᠂ ᠲᠡᠭᠦᠨ ᠤ ᠡᠡᠨ ᠬᠦ  ᠪᠦᠲᠦᠭᠡᠯ ᠨᠢ ᠹᠠᠱᠱᠠᠨ ᠤ ᠪᠦᠬᠦᠢ ᠯᠡ ᠰᠣᠳᠤᠯᠭᠠᠨ ᠳ᠋ᠤ ᠲᠤᠳᠠᠭᠲᠠᠵᠤ ᠪᠤᠯᠤᠰᠢ ᠦᠭᠡᠢ ᠵᠦᠢᠯ ᠪᠠᠢᠵᠤ᠂ ᠠᠩᠬᠠᠷᠤᠨ ᠰᠣᠳᠤᠯᠬᠤ ᠴᠢᠬᠤᠯᠠᠳᠠᠢ ᠭᠡᠳᠡᠭ ᠦᠵᠡᠯᠲᠡ ᠪᠠᠨ ᠲᠡᠪᠰᠢᠭᠦᠯᠡᠵᠡᠢ᠃ | 
            
            
                | 原文 | 
                
                    
                    查看原文
                    
                 | 
            
          
            | 出自 | 
            
              内蒙古社会科学(蒙文版)
              2021年
               第5期
             |