论文信息


题名 ᠮᠣᠩᠭᠤᠯ ᠲᠤᠤᠯᠢ ᠳ᠋ᠡᠬᠢ ᠤᠷᠤᠨ ᠰᠠᠭᠤᠴᠠ ᠶᠢᠨ ᠵᠢᠷᠤᠭᠯᠠᠯ ᠤᠨ ᠲᠤᠬᠠᠢ ᠦᠭᠦᠯᠡᠬᠦ ᠨᠢ
作者 ᠡᠷᠳᠡᠨᠢᠭᠤᠤ ᠠ
关键词 ᠮᠣᠩᠭᠤᠯ ᠲᠤᠤᠯᠢ; ᠤᠷᠤᠨ ᠰᠠᠭᠤᠴᠠ; ᠠᠮᠢ ᠠᠬᠤᠢ ᠶᠢᠨ ᠰᠣᠶᠣᠯ
摘要 ᠮᠣᠩᠭᠤᠯᠴᠤᠼᠳ ᠤᠨ ᠤᠷᠤᠨ ᠰᠠᠭᠤᠴᠠ ᠶᠢᠨ ᠰᠣᠶᠣᠯ ᠢᠷᠭᠡᠨᠰᠢᠯ ᠨᠢ ᠤᠷᠲᠤ ᠤᠳᠠᠭᠠᠨ ᠲᠡᠦᠭᠡ ᠶᠢᠨᠬᠦᠭᠵᠢᠯᠲᠡ ᠶᠢᠨ ᠶᠠᠪᠤᠴᠠ ᠳ᠋ᠤ ᠨᠢᠭᠡ ᠲᠠᠯ ᠠ ᠪᠡᠷ ᠤᠯᠠᠮᠵᠢᠯᠠᠯᠲᠤ ᠣᠨᠴᠠᠯᠢᠭ ᠢᠢᠡᠨ ᠬᠠᠳᠠᠭᠠᠯᠠᠵᠤ ᠢᠷᠡᠭᠰᠡᠨ ᠪᠤᠯᠪᠠᠴᠤ᠂ ᠨᠦᠬᠦᠭᠡ ᠲᠠᠯ ᠠ ᠪᠡᠷ ᠪᠠᠰᠠ ᠢᠳᠡᠭ ᠢᠳᠡᠭ ᠢᠢᠡᠷ ᠦᠭᠡᠷᠡᠴᠢᠯᠠᠭᠳᠡᠨ ᠬᠤᠪᠢᠷᠠᠭᠰᠠᠭᠠᠷ ᠢᠷᠡᠭᠰᠡᠨ ᠶᠣᠮ᠃ ᠡᠭᠦᠨ ᠢ ᠲᠡᠦᠭᠡᠨ ᠮᠠᠲ᠋ᠸᠷᠢᠶᠠᠯ᠂ ᠰᠣᠶᠣᠯ ᠤᠨ ᠤᠯᠠ ᠮᠦᠡ ᠵᠢᠴᠢ ᠤᠳᠤᠬᠢ ᠪᠠᠢᠳᠠᠯ ᠡᠴᠡ ᠤᠢᠯᠠᠭᠠᠨ ᠮᠡᠳᠡᠵᠦ ᠪᠤᠯᠬᠤ ᠶᠣᠮ᠃ ᠮᠣᠩᠭᠤᠯ ᠲᠤᠤᠯᠢ ᠶᠢᠨ ᠲᠤᠳᠤᠷ ᠠ ᠡᠴᠡ ᠲᠦᠯᠦᠭᠡᠯᠡᠭᠴᠢ ᠴᠢᠠᠨᠷ ᠲᠠᠢ ᠪᠦᠲᠦᠭᠡᠯ  ᠤᠳ ᠢ ᠭᠤᠤᠯᠴᠢᠯᠠᠨ ᠠᠵᠢᠭᠯᠠᠵᠤ ᠦᠵᠡᠪᠡᠯ᠂ ᠲᠡᠳᠡᠭᠡᠷ ᠲᠤᠤᠯᠢ ᠳ᠋ᠤ ᠵᠢᠷᠤᠭᠯᠠᠭᠳᠠᠭᠰᠠᠨ ᠪᠠᠭᠠᠲᠤᠷᠴᠤᠳ ᠤᠨ ᠤᠷᠤᠨ ᠰᠠᠭᠤᠴᠠ- ᠤᠷᠲᠤᠨ ᠬᠠᠷᠰᠢ ᠨᠢ ᠠᠳᠠᠯᠢ ᠪᠤᠰᠤ ᠪᠡᠷ ᠲᠦᠷᠰᠦᠯᠡᠭᠳᠡᠨ ᠵᠢᠷᠤᠭᠯᠠᠭᠳᠠᠵᠤ᠂ ᠶᠡᠬᠡ ᠲᠦᠯᠦᠪ ᠠᠭᠤᠯᠠᠨ ᠠᠭᠤᠢ ᠪᠤᠶᠤ ᠨᠦᠬᠡ ᠭᠡᠷ; ᠢᠰᠡᠭᠡᠢ ᠭᠡᠷ; ᠪᠠᠢᠰᠢᠩ ᠭᠡᠷ; ᠬᠤᠪᠢᠯᠭᠠᠨ ᠰᠢᠨᠵᠢᠲᠦ ᠤᠷᠲᠤ ᠭᠡᠵᠦ ᠭᠡᠳᠦᠨ ᠲᠠᠯ ᠠ ᠪᠡᠷ ᠬᠡᠳᠦᠨ ᠲᠠᠯ ᠠ ᠪᠡᠷ ᠲᠦᠷᠦᠯᠵᠢᠬᠦᠯᠬᠦᠨ ᠦᠭᠦᠯᠡᠵᠦ ᠪᠤᠯᠤᠨ᠎ᠠ᠃ ᠡᠭᠦᠨ ᠳ᠋ᠤ᠂ ᠡᠷᠲᠡᠨ ᠤ ᠮᠣᠩᠭᠤᠯᠴᠤᠳ ᠤᠨ ᠰᠣᠶᠣᠯ ᠢᠷᠭᠡᠨᠰᠢᠯ᠂ ᠰᠢᠲᠦᠯᠭᠡ ᠪᠢᠰᠢᠷᠡᠯ᠂ ᠠᠵᠤ ᠠᠬᠤᠢ ᠶᠢᠨ ᠪᠠᠢᠳᠠᠯ ᠵᠢᠴᠢ ᠠᠮᠢ ᠠᠬᠤᠢ ᠶᠢᠨ ᠤᠬᠠᠮᠰᠠᠷ᠂ ᠬᠦᠰᠡᠬᠦᠢᠢᠴᠢ ᠦᠵᠡᠯ ᠵᠡᠷᠭᠡ ᠨᠢ ᠬᠠᠷᠢᠯᠴᠠᠨ ᠤᠶᠤᠯᠳᠤᠨ᠂ ᠭᠡᠷ ᠡᠷᠦᠭᠡ ᠶᠢᠨ ᠲᠦᠷᠰᠦᠯᠡᠯ ᠵᠢᠷᠤᠭᠯᠠᠯ ᠳ᠋ᠤ ᠪᠤᠳᠠᠳᠠᠢ ᠲᠤᠰᠬᠠᠬᠳᠠᠭᠰᠠᠨ ᠪᠠᠢᠨ᠎ᠠ᠃
原文 查看原文
出自 内蒙古社会科学(蒙文版) 2021年 第5期

联系我们


内蒙古大学图书馆
呼和浩特市大学西路235号
中国·内蒙古
P: (0471) 4992561
E: huangfeilong@imu.edu.cn