| 题名 | 
                ᠠᠩᠯᠢ ᠪᠠ ᠮᠣᠩᠭᠤᠯ ᠬᠡᠯᠡᠨ ᠤ ᠰᠤᠷᠬᠤ ᠪᠢᠴᠢᠭ ᠲᠤ ᠬᠠᠪᠰᠤᠷᠭᠠᠨ ᠬᠡᠷᠡᠭᠯᠡᠭᠰᠡᠨ ᠵᠢᠷᠤᠭ ᠲᠦᠷᠰᠦ ᠵᠢ ᠬᠠᠷᠢᠴᠠᠭᠤᠯᠤᠨ ᠰᠢᠨᠵᠢᠯᠡᠬᠦ ᠨᠢ | 
            
            
                | 作者 | 
                ᠽᠠᠨᠳᠠᠨ | 
            
            
                | 关键词 | 
                ᠪᠠᠭᠠ ᠰᠤᠷᠭᠠᠭᠤᠯᠢ ᠶᠢᠨ ᠰᠤᠷᠬᠭᠤ ᠪᠢᠴᠢᠭ; Wonders;《 ᠬᠡᠯᠡ ᠪᠢᠴᠢᠭ》; ᠵᠢᠷᠤᠭ ᠲᠦᠷᠰᠦ | 
            
            
                | 摘要 | 
                ᠦᠭᠦᠯᠡᠯ ᠳ᠋ᠤ ᠠᠩᠯᠢ ᠤᠯᠤᠰ ᠤᠨ ᠤᠯᠠᠩᠬᠢ ᠵᠸᠦ ᠶᠢᠨ ᠪᠠᠭᠠ ᠰᠤᠷᠭᠠᠭᠤᠯᠢ ᠳ᠋ᠤ ᠨᠡᠢᠳᠡᠮ ᠬᠡᠷᠡᠭᠯᠡᠵᠦ ᠪᠠᠢᠭᠠ ᠠᠩᠯᠢ ᠬᠡᠯᠡ ᠰᠤᠷᠬᠤ ᠪᠢᠴᠢᠭ Wonders  ᠪᠠ ᠮᠠᠨ ᠤ ᠤᠷᠤᠨ ᠤ  ᠪᠠᠭ ᠠ ᠰᠤᠷᠭᠠᠭᠤᠯᠢ ᠶᠢᠨ 《 ᠬᠡᠯᠡ ᠪᠢᠴᠢᠭ》 ᠲᠤ  ᠬᠠᠪᠰᠤᠷᠭᠠᠨ ᠬᠡᠷᠡᠭᠯᠡᠭᠰᠡᠨ ᠵᠢᠷᠤᠭ ᠲᠦᠷᠰᠦ ᠨᠦᠭᠦᠳ ᠢ ᠬᠠᠷᠢᠴᠠᠭᠯᠤᠤᠨ ᠰᠢᠨᠵᠢᠯᠡᠪᠡ᠃ Wonders ᠤᠨ ᠵᠢᠷᠤᠭ ᠲᠦᠷᠰᠦ ᠨᠢ 《 ᠬᠡᠯᠡ ᠪᠢᠴᠢᠭ》 ᠢ ᠪᠤᠳᠤᠪᠠᠯ ᠪᠠᠭᠠ ᠬᠡᠦᠭᠡᠳ ᠤᠨ ᠲᠤᠷ ᠠ ᠰᠣᠨᠢᠷᠬᠠᠯ ᠪᠠ ᠤᠷᠮ ᠠ ᠪᠠᠬ ᠠ ᠵᠢ ᠢᠯᠡᠬᠦᠦ ᠲᠠᠳᠠᠵᠤ ᠴᠢᠳᠠᠳᠠᠭ ᠣᠨᠴᠠᠯᠢᠭ ᠲᠠᠢ᠃ ᠲᠡᠭᠦᠨᠴᠢᠯᠠᠨ 《 ᠬᠡᠯᠡ ᠪᠢᠴᠢᠭ》 ᠤᠨ ᠰᠤᠷᠬᠤ ᠪᠢᠴᠢᠭ ᠤᠨ ᠵᠢᠷᠤᠭ ᠲᠦᠷᠰᠦ ᠶᠢᠨ  ᠲᠤᠬᠢᠷᠠᠭᠤᠯᠤᠯᠲᠠ ᠶᠢᠨ ᠲᠦᠰᠦᠪᠯᠡᠯ ᠳ᠋ᠤ Wonders  ᠤᠨ ᠲᠤᠷᠰᠢᠯᠭᠠ ᠵᠢ ᠯᠠᠪᠯᠠᠯᠲᠠ ᠪᠤᠯᠭᠠᠵᠤ ᠪᠠᠭ ᠠ ᠬᠡᠦᠭᠡᠳ ᠤᠨ ᠰᠡᠳᠬᠢᠴᠡ ᠶᠢᠨ ᠬᠦᠭᠵᠢᠯᠲᠡ ᠶᠢᠨ ᠣᠨᠴᠠᠯᠢᠭ ᠲᠤ ᠨᠡᠩ ᠲᠤᠬᠢᠷᠠᠭᠰᠠᠨ ᠪᠦᠭᠡᠳ ᠬᠡᠦᠭᠡᠡᠳ ᠤᠨ  ᠲᠤᠷ ᠠ ᠰᠣᠨᠢᠷᠬᠠᠯ ᠢ ᠲᠠᠳᠠᠵᠤ ᠴᠢᠳᠠᠬᠤ ᠵᠢᠷᠤᠭ ᠲᠦᠷᠰᠦ ᠵᠢ ᠰᠤᠨᠭᠤᠨ ᠬᠡᠷᠭᠡᠯᠪᠡᠯ ᠬᠡᠯᠡ ᠪᠢᠴᠢᠭ ᠤᠨ ᠵᠢᠭᠠᠨ ᠰᠤᠷᠭᠠᠯᠲᠠ ᠶᠢᠨ ᠦᠷ ᠠ ᠪᠦᠲᠦᠮᠵᠢ ᠵᠢ ᠨᠡᠩ ᠲᠡᠭᠡᠭᠰᠢᠯᠡᠬᠦᠯᠵᠦ ᠴᠢᠳᠠᠬᠤ ᠪᠤᠯᠤᠨᠠ᠃ | 
            
            
                | 原文 | 
                
                    
                    查看原文
                    
                 | 
            
          
            | 出自 | 
            
              内蒙古社会科学(蒙文版)
              2021年
               第5期
             |