| 题名 | 
                ᠪᠦᠬᠡᠬᠡᠰᠢᠭ ᠤᠨ《 ᠶᠠᠫᠤᠨ ᠤᠯᠤᠰ ᠤᠨ ᠰᠤᠷᠭᠠᠭᠤᠯᠢ ᠵᠢ ᠲᠤᠭᠤᠷᠢᠨ ᠦᠵᠡᠭᠰᠡᠨ ᠡᠳᠦᠷ ᠪᠦᠷᠢ ᠶᠢᠨ ᠲᠡᠮᠳᠡᠭᠯᠡᠯ》 ᠳᠡᠬᠢ ᠶᠠᠫᠤᠨ ᠪᠠ ᠶᠠᠫᠤᠨ ᠬᠦᠮᠦᠨ | 
            
            
                | 作者 | 
                ᠨᠠᠮᠢᠶ ᠠ | 
            
            
                | 关键词 | 
                《 ᠶᠠᠫᠤᠨ ᠤᠯᠤᠰ ᠤᠨ ᠰᠤᠷᠭᠠᠭᠤᠯᠢ ᠵᠢ ᠲᠤᠭᠤᠷᠢᠨᠦᠵᠡᠭᠰᠡᠨ ᠡᠳᠦᠷ ᠪᠦᠷᠢ ᠶᠢᠨ ᠲᠡᠮᠳᠡᠭᠯᠡᠯ》; ᠶᠠᠫᠤᠨ ᠲᠦᠷᠢ | 
            
            
                | 摘要 | 
                ᠮᠣᠩᠭᠤᠯ ᠦᠨᠳᠦᠰᠦᠲᠡᠨ ᠤ  ᠤᠷᠴᠢᠨ ᠦᠶ ᠠ ᠶᠢᠨ  ᠤᠳᠬ ᠠ ᠵᠤᠬᠢᠶᠠᠯ ᠤᠨ ᠲᠡᠦᠭᠡ ᠪᠤᠯ ᠮᠣᠩᠭᠤᠯ ᠤᠳᠬ ᠠ ᠵᠤᠬᠢᠶᠠᠯ ᠨᠢ ᠡᠷᠲᠡᠨ ᠤ ᠬᠢ ᠡᠴᠡ ᠪᠠᠨ ᠣᠳᠤᠬᠢᠴᠢ ᠵᠦᠭ᠂ ᠤᠯᠠᠮᠵᠢᠯᠠᠯ ᠡᠴᠡ ᠪᠠᠨ  ᠰᠢᠨᠡᠴᠢᠯᠠᠯ ᠵᠦᠭ ᠤᠯᠠᠷᠢᠭᠰᠠᠨ ᠨᠢᠭᠡ ᠡᠷᠬᠢᠯᠲᠡ ᠶᠢᠨ ᠱᠠᠲᠤ ᠪᠤᠯᠤᠨᠠ᠃ ᠦᠭᠦᠯᠡᠯ ᠳ᠋ᠤ᠂ ᠲᠡᠭᠡᠷᠡᠬᠢ ᠰᠢᠯᠵᠢᠯᠲᠡ ᠪᠠ ᠰᠢᠨᠡᠴᠢᠯᠠᠯ ᠢ ᠦᠵᠡᠭᠦᠯᠵᠦ ᠪᠤᠯᠬᠤᠢᠴᠠ ᠨᠢᠭᠡ ᠵᠢᠱᠢᠶ ᠠ ᠵᠤᠬᠢᠶᠠᠯ ᠪᠤᠯᠬᠤ ᠪᠦᠬᠡᠬᠡᠰᠢᠭ ᠤᠨ 《 ᠶᠠᠫᠤᠨ ᠤᠯᠤᠰ ᠤᠨ ᠰᠤᠷᠭᠠᠭᠤᠯᠢ ᠵᠢ  ᠲᠠᠭᠤᠷᠢᠨ ᠦᠵᠡᠭᠰᠡᠨ ᠡᠳᠦᠷ ᠪᠦᠷᠢ ᠶᠢᠨ  ᠲᠡᠮᠳᠡᠭᠯᠡᠯ》 ᠭᠡᠬᠦ ᠵᠤᠬᠢᠶᠠᠯ ᠢ ᠰᠢᠨᠵᠢᠯᠡᠨ ᠦᠵᠡᠬᠦ ᠪᠡᠷ ᠲᠠᠮᠵᠢᠭᠤᠯᠤᠨ᠂ ᠮᠣᠩᠭᠤᠯ ᠤᠳᠬ ᠠ  ᠵᠤᠬᠢᠶᠠᠯ ᠤᠨ ᠤᠳᠤᠬᠢᠴᠢᠯᠠᠯ ᠨᠢ ᠬᠡᠷᠬᠢᠨ ᠦᠭᠡᠷ ᠠ ᠪᠤᠰᠤᠳ ᠤᠨ ᠰᠣᠶᠣᠯ ᠲᠠᠢ ᠬᠠᠷᠢᠯᠴᠠᠬᠤ ᠲᠤᠮᠲᠠ ᠪᠡᠶᠡᠯᠡᠯ ᠢᠢᠡᠨ ᠤᠯᠤᠭᠰᠠᠨ᠂ ᠣᠷᠴᠢᠨ ᠦᠶ ᠠ ᠶᠢᠨ ᠰᠡᠭᠡᠭᠡᠲᠡᠳ ᠤᠨ ᠦᠵᠡᠯ ᠪᠤᠳᠤᠯ ᠨᠢ ᠬᠡᠷᠬᠢᠨ ᠪᠦᠷᠢᠯᠳᠦᠭᠰᠡᠨ ᠭᠡᠬᠦ ᠵᠡᠷᠭᠡ ᠠᠰᠠᠭᠤᠳᠠᠯ ᠢ ᠠᠪᠴᠤ ᠶᠠᠷᠢᠯᠴᠠᠭᠰᠠᠨ ᠪᠠᠢᠨᠠ᠃ ᠰᠤᠳᠤᠯᠭᠠᠨ ᠤ ᠠᠷᠭᠠ ᠶᠢᠨ ᠬᠤᠪᠢ ᠳ᠋ᠤ ᠬᠠᠷᠢᠴᠠᠭᠤᠯᠤᠭᠰᠠᠨ ᠤᠳᠬ ᠠ ᠵᠤᠬᠢᠶᠠᠯ ᠤᠨ ᠲᠦᠷᠢ ᠵᠦᠢ ᠶᠢᠨ ᠠᠷᠭᠠ ᠵᠢ ᠬᠡᠷᠡᠭᠯᠡᠨ ᠦᠪᠡᠷ/ᠪᠤᠰᠤᠳ ᠭᠡᠬᠦ ᠨᠢᠭᠡ ᠬᠤᠤᠰ ᠬᠠᠷᠠᠭᠠᠯᠵᠠᠭᠰᠠᠨ ᠲᠦᠷᠢ ᠶᠢᠨ ᠲᠤᠭᠤᠷᠢᠨ ᠳ᠋ᠤ ᠤᠷᠴᠢᠨ ᠦᠶ ᠠ ᠭᠡᠬᠦ ᠪᠦᠬᠦᠢ ᠯᠡ ᠨᠢᠭᠡ ᠴᠠᠭ ᠦᠶ ᠠ ᠶᠢᠨ ᠣᠨᠴᠠᠯᠢᠭ ᠰᠢᠨᠵᠢ᠂ ᠪᠠᠢᠳᠠᠯ ᠲᠦᠯᠦᠪ ᠢ ᠶᠠᠯᠠᠷ ᠨᠢᠭᠡ ᠲᠠᠯ ᠠ ᠡᠴᠡ ᠲᠤᠳᠤᠷᠠᠭᠤᠯᠬᠤ ᠭᠡᠵᠦ ᠮᠡᠷᠠᠢᠪᠠ᠃ | 
            
            
                | 原文 | 
                
                    
                    查看原文
                    
                 | 
            
          
            | 出自 | 
            
              内蒙古社会科学(蒙文版)
              2021年
               第4期
             |