摘要 |
ᠦᠭᠦᠯᠡᠯ ᠳ᠋ᠤ ᠶᠠᠭᠤᠨ ᠤ ᠡᠮᠦᠪᠨᠠ ᠮᠣᠩᠭᠤᠯᠴᠤᠳ ᠤᠨ ᠡᠷᠲᠡᠨ ᠤ ᠰᠣᠶᠣᠯ ᠲᠡᠦᠭᠡ ᠲᠠᠢ ᠬᠤᠯᠪᠤᠭᠳᠠᠬᠤ ᠰᠢᠳᠢᠲᠦ ᠦᠯᠢᠭᠡᠷ᠂ ᠲᠤᠮᠤᠭ ᠶᠠᠷᠢᠶ ᠠ᠂ᠲᠡᠦᠭᠡᠨ ᠲᠡᠮᠳᠡᠭᠯᠡᠯ ᠪᠤᠯᠤᠨ ᠤᠷᠠᠨ ᠵᠢᠷᠤᠭ ᠵᠡᠷᠭᠡ ᠰᠤᠷᠪᠤᠯᠵᠢᠰ ᠲᠤ ᠲᠦᠰᠢᠭᠯᠡᠨ ᠨᠤᠬᠠᠢ ᠶᠢᠨ ᠲᠤᠬᠠᠢ ᠰᠢᠲᠦᠯᠭᠡ ᠪᠢᠰᠢᠷᠡᠯ᠂ ᠦᠵᠡᠯᠲᠡ ᠤᠢᠯᠠᠭᠠᠯᠲᠠ ᠵᠢ ᠮᠦᠷᠲᠡᠨ ᠲᠤᠳᠤᠷᠠᠭᠤᠯᠵᠤ᠂ ᠲᠠᠷᠠᠭ᠎ᠠ ᠨᠢ ᠨᠤᠬᠠᠢ ᠪᠤᠯ ᠮᠣᠩᠭᠤᠯ ᠰᠣᠶᠣᠯ ᠳ᠋ᠤ ᠡᠩ ᠤᠨ ᠭᠡᠷ ᠤᠨ ᠲᠡᠵᠢᠭᠡᠪᠦᠷᠢ ᠪᠢᠰᠢ᠂ᠬᠠᠷᠢᠨ ᠪᠡᠯᠭᠡ ᠲᠠᠮᠪᠠᠷᠢᠯ ᠲᠠᠢ ᠠᠮᠢᠲᠠᠨ ᠪᠤᠯᠬᠤ ᠵᠢ ᠮᠣᠨᠭᠤᠯ ᠬᠦᠮᠦᠨ ᠤ ᠨᠤᠬᠠᠢ ᠳ᠋ᠤ ᠬᠠᠨᠳᠤᠬᠤ ᠤᠪᠤᠷ ᠰᠡᠳᠬᠢᠯᠭᠡ᠂ ᠵᠠᠩ ᠵᠠᠩᠰᠢᠯ ᠵᠡᠷᠭᠡ ᠡᠴᠡ ᠬᠠᠢᠨ ᠰᠦᠪᠡᠭᠴᠢᠯᠠᠵᠦ᠂ ᠡᠴᠦᠰ ᠲᠤ ᠮᠣᠩᠭᠤᠯᠴᠤᠳ ᠤᠨ ᠠᠮᠢᠳᠤᠷᠠᠯ ᠳ᠋ᠤ ᠨᠤᠬᠠᠢ ᠨᠢ ᠴᠢᠬᠤᠯᠠ ᠬᠡᠷᠡᠭᠴᠡᠭᠡ ᠲᠠᠢ ᠪᠠᠢᠭᠰᠠᠨ ᠪᠤᠯᠬᠤᠷ ᠡᠷᠬᠢᠮᠨᠯᠡᠨ ᠲᠡᠵᠢᠭᠡᠵᠦ ᠤᠯᠠᠨ ᠵᠦᠢᠯ ᠤᠨ ᠰᠣᠶᠣᠯ ᠢᠷᠭᠡᠨᠰᠢᠯ᠂ ᠵᠠᠩᠰᠢᠯ ᠲᠠᠳᠬᠭᠠᠨ ᠪᠤᠢ ᠪᠤᠯᠤᠭᠰᠠᠨ ᠲᠤᠬᠠᠢ ᠦᠭᠦᠯᠡᠪᠡ᠃ |